         
‍  
2019-08-04

ᠮᠤᠩᠭᠤᠯᠴᠤᠳ ᠮᠤᠷᠢᠨ ᠤ ᠳᠡᠭᠡᠳᠦ ᠶᠢ ᠠᠳᠤᠭᠤᠨ ᠤ ᠬᠠᠭᠠᠨ᠂ ᠪᠤᠷᠬᠠᠨ ᠳᠤ ᠳᠠᠭᠠᠳᠬᠠᠨ ᠤᠶᠤᠨ ᠤᠬᠠᠭᠠᠨ ᠤ ᠪᠠᠨ ᠬᠡᠶᠢᠮᠤᠷᠢ ᠶᠢᠨ ᠳᠡᠭᠡᠳᠦ ᠤᠷᠴᠢᠨ ᠳᠤ ᠠᠪᠴᠤ ᠦᠵᠡᠳᠡᠭ᠃ ᠪᠤᠷᠬᠠᠨ ᠤ ᠱᠠᠰᠢᠨ ᠡᠭᠦᠰᠡᠭᠰᠡᠨ ᠡᠴᠡ ᠬᠤᠶᠢᠰᠢ ᠮᠤᠷᠢᠨ ᠤ ᠰᠠᠩ ᠲᠠᠬᠢᠯᠭ᠎ᠠ ᠪᠤᠢ ᠪᠤᠯᠵᠤᠬᠤᠢ᠃ ᠮᠤᠩᠭᠤᠯᠴᠤᠳ ᠤᠨ ᠤᠯᠠᠮᠵᠢᠯᠠᠯᠲᠤ ᠵᠠᠩᠰᠢᠯ ᠠᠴᠠ ᠦᠵᠡᠬᠦ ᠳᠦ ᠮᠤᠩᠭᠤᠯ ᠤᠨ ᠵᠠᠷᠢᠮ ᠨᠤᠲᠤᠭ ᠬᠤᠰᠢᠭᠤᠨ ᠳᠤ ᠪᠤᠷᠬᠠᠨ ᠱᠠᠰᠢᠨ ᠤ ᠲᠠᠷᠨᠢ ᠶᠢᠨ ᠶᠤᠰᠤᠨ ᠤ ᠢᠳᠠᠮ ᠪᠤᠷᠬᠠᠨ᠂ ᠲᠦᠪᠡᠳ ᠢᠶᠡᠷ ᠳᠠᠮᠳᠢᠨ᠂ ᠰᠠᠨᠰᠺᠷᠢᠲ ᠢᠶᠠᠷ ᠠᠱᠠ-ᠬᠤ ᠪᠤᠶᠤ ᠬᠠᠶᠠᠩᠬᠢᠷᠸᠠ ᠪᠤᠷᠬᠠᠨ ᠢ ᠡᠷᠲᠡᠨ ᠡᠴᠡ ᠰᠢᠲᠦᠵᠦ ᠢᠷᠡᠵᠡᠢ᠃ ᠨᠡᠭᠦᠳᠡᠯᠴᠢᠨ ᠮᠠᠯᠴᠢᠳ ᠮᠠᠨᠢ ᠳᠠᠮᠳᠢᠨ ᠪᠤᠷᠬᠠᠨ ᠢ ᠠᠳᠤᠭᠤᠨ ᠤ ᠲᠡᠭᠷᠢ ᡀᠠ ᠬᠡᠮᠡᠨ ᠡᠷᠬᠢᠮᠯᠡᠵᠦ ᠢᠷᠡᠵᠡᠢ᠃

ᠳᠠᠮᠳᠢᠨ ᠪᠤᠷᠬᠠᠨ ᠪᠤᠯ᠄

︽ᠨᠢᠭᠤᠴᠠ ᠲᠠᠷᠨᠢ ᠶᠢᠨ ᠶᠤᠰᠤᠨ ᠤ ᠭᠠᠳᠠᠨ᠎ᠠ᠂ ᠳᠤᠲᠤᠨᠤ ᠨᠢᠭᠤᠴᠠ ᠶᠢᠨ ᠠᠯᠠᠬᠤ ᠰᠠ ᠵᠡᠳᠬᠡᠷ ᠢ ᠠᠷᠢᠯᠭᠠᠨ ᠬᠠᠮᠠᠭᠠᠯᠠᠵᠤ ᠢᠪᠡᠭᠡᠯ ᠢᠶᠡᠨ ᠬᠠᠶᠢᠷᠠᠯᠠᠬᠤ ᠶᠢᠨ ᠤᠴᠢᠷ ᠮᠤᠩᠭᠤᠯᠴᠤᠳ ᠡᠨᠡ ᠪᠤᠷᠬᠠᠨ ᠢ ᠠᠳᠤᠭᠤᠨ ᠰᠦᠷᠦᠭ ᠦᠨ ᠢᠶᠡᠨ ᠬᠡᠶᠢᠮᠤᠷᠢ ᡀᠠ ᠭᠡᠵᠦ ᠡᠷᠬᠢᠮᠯᠡᠳᠡᠭ︾᠃  ᠮᠦᠨ ᠬᠦ ᠠᠳᠤᠭᠤᠨ ᠰᠦᠷᠦᠭ ᠦᠨ ᠨᠢᠭᠡ ᠭᠤᠤᠯᠯᠠᠬᠤ ᠰᠢᠲᠤᠭᠡᠨ ᠪᠤᠯ 13 ᠲᠠᡀᠠ᠂ 9 ᠲᠠᡀᠠ ᠪᠤᠯᠤᠨ᠎ᠠ᠃ ᠲᠠᡀᠠ ᠰᠢᠲᠦᠭᠴᠢ ᠬᠤᠷᠳᠤ ᠲᠠᠢ ᠠᠳᠤᠭᠤ ᠤᠯᠠᠨ ᠲᠠᠢ ᠬᠦᠮᠦᠰ ᠲᠠᡀᠠ ᠢᠶᠨ ᠰᠡᠲᠡᠷ ᠲᠦ ᠮᠤᠷᠢ ᠭᠡᠵᠦ ᠬᠠᠯᠢᠭᠤᠨ ᠵᠢᠰᠦᠮ ᠦᠨ ᠶᠤᠮ ᠤᠤ ᠴᠠᠭᠠᠨ ᠮᠤᠷᠢ ᠶᠢ ᠭᠤᠤᠯᠴᠢᠯᠠᠨ ᠰᠡᠲᠡᠷᠯᠡᠳᠡᠭ ᠤᠯᠠᠮᠵᠢᠯᠠᠯᠲᠠᠢ᠃ ᠡᠶᠢᠮᠦ ᠡᠴᠡ ᠠᠳᠤᠭᠤᠨ ᠤ ᠭᠤᠤᠯ ᠰᠢᠲᠦᠭᠡᠨ ᠪᠤᠯ ᠳᠠᠮᠳᠢᠨ᠂ ᠲᠠᡀᠠ ᠮᠦᠨ ᠲᠡᠭᠦᠨ ᠦ ᠠᠳᠠᠯᠢ ᠵᠠᠶᠠᠭᠠᠨ ᠤ ᠲᠠᠪᠤᠨ ᠲᠡᠭᠷᠢ ᠭᠡᠵᠦ ᠰᠢᠲᠦᠳᠡᠭ ᠭᠤᠪᠢ ᠶᠢᠨ ᡀᠠ ᠪᠤᠷᠬᠠᠳ ᠶᠤᠮ᠃

ᠳᠠᠮᠳᠢᠨ ᠪᠤᠷᠬᠠᠨ ᠲᠠᠢ ᠬᠤᠯᠪᠤᠭᠳᠠᠬᠤ ᠨᠢᠭᠡᠨ ᠡᠬᠡ ᠰᠤᠷᠪᠤᠯᠵᠢ ᠶᠢ ᠦᠭᠦᠯᠡᠰᠦᠭᠡᠢ᠃  ᠮᠠᠨᠵᠤ ᠶᠢᠨ ᠡᠵᠡᠨ ᠬᠠᠭᠠᠨ ᠤ ᠠᠳᠤᠭᠤᠨ ᠰᠦᠷᠦᠭ ᠦᠨ ᠠᠯᠪᠠ ᠵᠠᠯᠭᠠᠭᠤᠯᠵᠤ᠂ ᠬᠤᠷᠳᠤᠨ ᠮᠤᠷᠢᠨ ᠤ ᠡᠭᠦᠯᠳᠡᠷ ᠤᠭᠰᠠᠭ᠎ᠠ ᠶᠢ ᠡᠷᠬᠢᠮᠯᠡᠨ ᠢᠷᠡᠭᠰᠡᠨ ᠦᠪᠦᠷᠯᠡᠭᠴᠢ ᠦᠵᠦᠮᠦᠴᠢᠨ ᠴᠠᠬᠠᠷ ᠨᠤᠲᠤᠭ ᠲᠤ ᠬᠠᠶᠠᠩᠬᠢᠷᠸᠠ ᠳᠠᠴᠠᠩ ᠭᠡᠵᠦ ᠪᠠᠶᠢᠵᠠᠢ᠃ ᠡᠨᠡ ᠳᠠᠴᠠᠩ ᠠᠴᠠ ᠠᠳᠤᠭᠤᠨ ᠰᠦᠷᠦᠭ ᠦᠨ ᠪᠦᠬᠦᠢ ᠯᠠ ᠲᠠᠯ᠎ᠠ ᠶᠢ ᠬᠠᠮᠤᠷᠠᠭᠰᠠᠨ ᠲᠠᠬᠢᠯᠭ᠎ᠠ ᠪᠤᠰᠤᠳ ᠵᠠᠩ ᠦᠢᠯᠡ ᠶᠢ ᠲᠤᠰᠬᠠᠶᠢᠯᠠᠨ ᠦᠢᠯᠡᠳᠳᠡᠭ ᠪᠠᠶᠢᠪᠠ᠃ ᠡᠨᠡ ᠳᠠᠴᠠᠩ ᠳᠤ ᠵᠢᠯ ᠪᠦᠷᠢ ᠡᠷᠡ ᠮᠠᠨᠳᠤᠭᠠᠨ ᠰᠤᠯᠴᠢᠳ ᠬᠡᠮᠡᠬᠦ ᠠᠳᠤᠭᠤᠨ ᠤ ᠲᠠᠬᠢᠯᠭ᠎ᠠ ᠶᠢ ᠦᠢᠯᠡᠳᠬᠦ ᠳᠡᠬᠡᠨ ᠡᠵᠡᠨ ᠬᠠᠭᠠᠨ ᠤ ᠰᠠᠩ ᠠᠴᠠ ᠬᠡᠷᠡᠭᠯᠡᠯ ᠮᠦᠩᠭᠦ ᠵᠡᠷᠭᠡ ᠶᠢ ᠲᠤᠬᠠᠶᠢᠯᠠᠨ ᠭᠠᠷᠭᠠᠵᠤ ᠪᠠᠶᠢᠭᠰᠠᠨ ᠪᠠᠷᠢᠮᠲᠠ ᠪᠤᠢ᠃

ᠮᠠᠷᠵᠠᠢ᠂ ᠭᠡᠶᠢᠩᠭᠤᠤ᠂ ᠵᠡ ᠲᠠᠲᠠᠬᠤ ᠬᠡᠮᠡᠬᠦᠢ ᠶᠢᠨ ᠤᠴᠢᠷ

ᠤᠨᠤᠭᠠᠴᠢ ᠭᠡᠦᠬᠡᠳ ᠤᠶᠠᠩᠭ᠎ᠠ ᠴᠡᠭᠡᠯ ᠬᠤᠭᠤᠯᠠᠢ ᠪᠠᠷ ᠶᠡᠬᠡ ᠰᠠᠶᠢᠬᠠᠨ ᠮᠠᠷᠵᠠᠶᠢᠯᠠᠳᠠᠭ᠃ ︵ᠭᠡᠶᠢᠩᠭᠤᠤᠯᠠᠬᠤ᠂ ᠵᠠᠷᠢᠮ ᠭᠠᠵᠠᠷ ᠵᠡ ᠲᠠᠲᠠᠬᠤ ᠭᠡᠨ᠎ᠡ︶᠃ ᠰᠠᠶᠢᠬᠠᠨ ᠮᠠᠷᠵᠠᠶᠢᠯᠠᠬᠤ ᠳᠤ ᠬᠦᠯᠦᠭ ᠦᠨ ᠬᠡᠶᠢᠮᠤᠷᠢ ᠰᠡᠷᠭᠦᠨ᠎ᠡ᠃ ᠮᠤᠷᠢ ᠲᠠᠷᠯᠠᠬᠤ᠂ ᠰᠤᠩᠭᠠᠬᠤ᠂ ᠤᠷᠤᠯᠳᠤᠬᠤ ᠳᠤ ᠮᠠᠷᠵᠠᠶᠢᠯᠠᠬᠤ ᠠᠴᠠ ᠭᠠᠳᠠᠨ᠎ᠠ ᠵᠢᠷ ᠤᠶᠠᠭ᠎ᠠ ᠲᠤᠭᠤᠷᠢᠭᠤᠯᠤᠨ ᠭᠢᠰᠬᠢᠬᠦ ᠳᠦ ᠪᠡᠨ ᠴᠦ ᠮᠠᠷᠵᠠᠶᠢᠯᠠᠬᠤ ᠢᠯᠡᠭᠦᠦ ᠰᠠᠶᠢᠬᠠᠨ᠃ ᠮᠤᠩᠭᠤᠯ ᠤᠨ ᠤᠯᠠᠨ ᠠᠶᠢᠮᠠᠭ ᠬᠤᠰᠢᠭᠤᠨ ᠤ ᠳᠤᠲᠤᠷ᠎ᠠ ᠠᠴᠠ ᠢᠯᠠᠩᠭᠤᠶ᠎ᠠ ᠰᠡᠴᠡᠨ ᠬᠠᠨ ᠠᠶᠢᠮᠠᠭ ᠤᠨ 24 ᠬᠤᠰᠢᠭᠤ᠂ ᠦᠪᠦᠷᠯᠡᠭᠴᠢ ᠶᠢᠨ ᠤᠯᠠᠨ ᠬᠤᠰᠢᠭᠤᠨ ᠳᠤ ᠬᠤᠷᠳᠤᠨ ᠮᠤᠷᠢᠨ ᠤ ᠤᠨᠤᠭᠠᠴᠢ ᠬᠡᠦᠬᠡᠳ ᠦᠳ ᠤᠸᠠ ᠮᠠᠷᠵᠠᠢ ᠮᠠᠮ ᠰᠤᠤᠬᠠᠢ ᠤᠶᠠᠩᠭ᠎ᠠ ᠢᠷᠠᠭᠤ ᠪᠠᠷ ᠳᠠᠪᠲᠠᠨ ᠳᠠᠪᠲᠠᠨ ᠮᠠᠷᠵᠠᠶᠢᠯᠠᠨ᠎ᠠ ᠃ ᠤᠸᠠ ᠮᠠᠷᠵᠠᠢ ᠮᠠᠮ ᠰᠤᠤᠬᠠᠢ ᠨᠢ ᠳᠤᠯᠤᠭᠠᠨ ᠭᠠᠬᠠᠢ ᠬᠦᠯᠭᠡᠯᠡᠭᠰᠡᠨ ᠲᠡᠭᠷᠢ ᠶᠢᠨ ᠤᠨᠤᠯᠭ᠎ᠠ ᠲᠠᠢ ᠳᠤᠭᠰᠢᠨ ᠳᠦᠷᠢ ᠲᠡᠢ ᠤᠰᠤᠷᠵᠢᠮ᠎ᠠ ᠪᠤᠷᠬᠠᠨ ᠤ ᠵᠢᠷᠦᠬᠡᠨ ᠲᠠᠷᠨᠢ ᠶᠤᠮ᠃

ᠤᠰᠤᠷᠵᠢᠮ᠎ᠠ ᠪᠤᠯ ᠨᠠᠷᠠᠨ ᠰᠠᠷᠠᠨ ᠪᠠᠶᠢᠭᠠᠯᠢ ᠶᠢᠷᠲᠢᠨᠴᠦ ᠶᠢ ᠠᠤᠭ᠎ᠠ ᠬᠦᠴᠦᠨ ᠴᠢᠳᠠᠯ ᠢᠶᠠᠷ ᠢᠶᠠᠨ ᠠᠪᠤᠷᠠᠨ ᠲᠡᠳᠬᠦᠵᠦ ᠬᠠᠮᠠᠭᠠᠯᠠᠬᠤ ᠲᠠᠩᠭᠠᠷᠠᠭ ᠲᠠᠢ ᠪᠤᠷᠬᠠᠨ ᠶᠤᠮ᠃

ᠬᠠᠯᠬ᠎ᠠ ᠶᠢᠨ ᠲᠦᠪ ᠪᠠᠷᠠᠭᠤᠨ ᠲᠠᠯ᠎ᠠ ᠶᠢᠨ ᠬᠤᠰᠢᠭᠤᠳ ᠲᠤ ᠳᠠᠮᠳᠢᠨ ᠪᠤᠷᠬᠠᠨ ᠤ ᠵᠢᠷᠦᠬᠡᠨ ᠲᠠᠷᠨᠢ᠄

︽ᠤᠸᠠ ᠬᠡᠷᠡ ᠪᠠᠳᠮᠠᠨ ᠳᠠᠷᠢᠳᠢ ᠪᠠᠵᠠᠷ ᠭᠤᠷᠳᠠ ᠬᠠᠶᠠᠩᠬᠢᠷᠸᠠ ᠬᠦᠯᠦ ᠬᠦᠯᠦ ᠬᠤᠮ ᠫᠠᠳ︾ᠬᠡᠮᠡᠨ ᠭᠡᠶᠢᠩᠭᠤᠤᠯᠠᠳᠠᠭ᠃ ᠮᠦᠨ ᠰᠦᠬᠡᠪᠠᠭᠠᠲᠤᠷ ᠠᠶᠢᠮᠠᠭ ᠤᠨ ᠮᠦᠩᠬᠡᠬᠠᠭᠠᠨ ᠰᠤᠮᠤᠨ ᠳᠤ ᠭᠡᠰᠡᠷ ᠦᠨ ᠨᠠᠭᠠᠳᠤᠮ ᠬᠢᠳᠡᠭ ᠡᠷᠲᠡᠨ ᠦ ᠤᠯᠠᠮᠵᠢᠯᠠᠯᠲᠠᠢ ᠪᠠᠶᠢᠭᠰᠠᠨ ᠲᠡᠳᠦᠢ ᠦᠭᠡᠢ ︽ᠭᠡᠶᠢᠩᠭᠤᠤ ᠭᠡᠰᠡᠷ ᠪᠤᠭᠳᠠ ᠮᠢᠨᠢ︾ ᠭᠡᠵᠦ ᠮᠠᠷᠵᠠᠶᠢᠯᠠᠳᠠᠭ ᠪᠠᠶᠢᠭᠰᠠ ᠶᠢ ᠨᠤᠲᠤᠭ ᠤᠨ ᠠᠷᠠᠳ ᠤᠳ ᠳᠤᠷᠠᠰᠤᠨ ᠶᠠᠷᠢᠳᠠᠭ᠃

- ᠤᠸᠠ ᠮᠠᠷᠵᠠᠢ ᠮᠠᠮ ᠰᠤᠤᠬᠠᠢ

- ᠤᠸᠠ ᠬᠡᠷᠡ ᠪᠠᠳᠮᠠᠨ ᠳᠠᠷᠢᠳᠢ ᠪᠠᠵᠠᠷ ᠭᠤᠷᠳᠠ ᠬᠠᠶᠠᠩᠬᠢᠷᠸᠠ ᠬᠦᠯᠦ ᠬᠦᠯᠦ ᠬᠤᠮ ᠫᠠᠳ

- ᠭᠡᠶᠢᠩᠭᠤᠤ ᠭᠡᠰᠡᠷ ᠪᠤᠭᠳᠠ ᠮᠢᠨᠢ᠁  ᠬᠡᠮᠡᠬᠦ ᠴᠦᠮ ᠠᠳᠠᠯᠢ ᠪᠤᠯᠠᠢ᠃

 

︽ᠵᠥ‍ ᠂ ᠰᠠᠷᠠᠭᠤᠯᠪᠤᠶᠠᠨ ᠃ ᠰᠡᠴᠡᠨ ᠬᠠᠨ ᠤ ᠬᠦᠯᠦᠭ ᠃ ︵ᠬᠠᠭᠤᠳᠠᠰᠤ-11-15︶ ᠃ ᠤᠯᠠᠭᠠᠨᠪᠠᠭᠠᠲᠤᠷ ᠬᠤᠲᠠ ᠂ 1997 ᠤᠨ︾