   
‍  
2019-08-13

ᠬᠦᠯᠦᠭ ᠡᠷᠳᠡᠨᠢ ᠳᠤᠤᠷ᠎ᠠ ᠮᠦᠷᠭᠦᠮᠦ

︽ᠡᠩᠬᠡ- ᠠᠮᠤᠭᠤᠯᠠᠩ ᠤᠨ ᠭᠤᠴᠢᠨ ᠵᠢᠷᠭᠤᠭᠠᠨ ᠤᠨ ᠪᠤᠶᠤ 1696  ᠤᠨ ᠳᠤ ᠤᠶᠢᠷᠠᠳ ᠤᠨ ᠭᠠᠯᠳᠠᠨ ᠪᠤᠱᠤᠭᠲᠤ ᠬᠡᠮᠡᠬᠦ ᠤᠷᠭᠤᠵᠤ ᠦᠬᠦᠭᠡᠳ ᠬᠠᠯᠬ᠎ᠠ ᠶᠢᠨ ᠭᠤᠷᠪᠠᠨ ᠬᠠᠨ ᠂ ᠸᠠᠩ ᠂ ᠪᠡᠶᠢᠯᠡ ᠂ ᠪᠡᠶᠢᠰᠡ ᠂ ᠲᠠᠶᠢᠵᠢ ᠨᠠᠷ ᠦᠪᠡᠷ ᠦᠪᠡᠷ ᠦᠨ ᠰᠠᠭᠤᠭᠰᠠᠨ ᠨᠤᠲᠤᠭ ᠲᠠᠭᠠᠨ ᠪᠤᠴᠠᠵᠤ ᠬᠠᠭᠤᠴᠢᠨ ᠬᠡᠪ ᠢᠶᠡᠨ ᠪᠠᠶᠢᠭᠤᠯᠤᠨ ᠴᠢᠭᠤᠯᠭᠠᠨ ᠨᠡᠶᠢᠯᠡᠭᠦᠯᠵᠦ ᠂ ᠨᠠᠶᠢᠷ᠎ ᠬᠤᠷᠢᠮ ᠪᠡᠯᠡᠭᠯᠡᠬᠦᠢ ᠳᠤᠤᠷ᠎ᠠ ᠪᠤᠩᠬᠤᠷ ᠳᠤᠨᠢᠷ ᠭᠠᠭᠴᠠ ᠮᠤᠷᠢ ᠪᠠᠨ ᠵᠠᠰᠠᠵᠤ ᠂ ᠤᠯᠠᠨ ᠮᠤᠷᠢ ᠯᠤᠭ᠎ᠠ ᠤᠷᠤᠯᠳᠤᠵᠤ ᠲᠦᠷᠦᠭᠦᠯᠡᠭᠰᠡᠨ ᠳᠦ ᠳᠠᠷᠬᠠᠨ ᠴᠢᠩ ᠸᠠᠩ ᠮᠠᠭᠲᠠᠵᠤ︽ᠲᠦᠮᠡᠨ ᠦ ᠡᠬᠡ︾ ᠬᠡᠮᠡᠬᠦ ᠰᠢᠯᠦᠭ ᠵᠤᠬᠢᠶᠠᠭᠠᠳ ᠨᠠᠶᠢᠷ᠎ ᠳ᠋ᠦ᠋ᠷ ᠬᠦᠭᠵᠢᠮ ᠪᠠᠷᠢᠵᠤ ᠨᠠᠭᠠᠳᠤᠮ ᠴᠡᠩᠭᠡᠭᠡᠨ ᠢ ᠡᠭᠦᠰᠬᠡᠵᠡᠢ ᠃ ᠭᠠᠯᠳᠠᠨ ᠲᠤᠰᠠᠯᠠᠭᠴᠢ ᠶᠢᠨ ᠵᠤᠬᠢᠶᠠᠭᠰᠠᠨ ︽ᠡᠷᠳᠡᠨᠢ ᠶᠢᠨ ᠡᠷᠢᠬᠡ︾ ᠬᠡᠮᠡᠬᠦ ᠲᠡᠦᠬᠡᠨ ᠳᠦ ᠢᠩᠬᠢᠵᠦ ᠦᠭᠦᠯᠡᠭᠰᠡᠨ ᠪᠠᠶᠢᠳᠠᠭ ᠃

ᠡᠨᠡ ᠨᠢ ᠳᠤᠯᠨᠠᠭᠤᠷ ᠠᠴᠠ ᠨᠤᠲᠤᠭ ᠲᠠᠭᠠᠨ ᠪᠤᠴᠠᠵᠤ ᠢᠷᠡᠭᠰᠡᠨ ᠬᠠᠯᠬ᠎ᠠ ᠶᠢᠨ ᠳᠤᠯᠤᠭᠠᠨ ᠬᠤᠰᠢᠭᠤᠨ ᠤ ᠨᠤᠶᠠᠳ ᠠᠴᠠ ᠦᠨᠳᠦᠷ ᠭᠡᠭᠡᠨ ᠳᠦ ᠲᠡᠭᠦᠨ ᠦ ᠨᠠᠰᠤᠨ ᠬᠤᠲᠤᠭ ᠪᠠᠲᠤ ᠤᠷᠤᠰᠢᠬᠤ ᠳᠠᠩᠱᠢᠭ ᠡᠷᠭᠦᠯ ᠨᠠᠭᠠᠳᠤᠮ ᠬᠢᠵᠦ ᠡᠬᠢᠯᠡᠭᠰᠡᠨ ᠢ ᠬᠡᠯᠡᠵᠦ ᠪᠠᠶᠢᠨ᠎ᠠ ᠃ ᠳᠠᠩᠱᠢᠭ ᠬᠡᠮᠡᠬᠦ ᠪᠠᠲᠤ ᠤᠷᠤᠰᠢᠯ ᠤᠨ ᠨᠠᠭᠠᠳᠤᠮ ᠢ ᠵᠢᠯ ᠪᠦᠷᠢ ᠶᠢᠨ ᠵᠤᠨ ᠤ ᠰᠡᠭᠦᠯ ᠰᠠᠷ᠎ᠠ ᠳᠤ ᠬᠢᠵᠦ ᠲᠦᠷᠦᠭᠦᠯᠡᠵᠦ ᠢᠷᠡᠭᠰᠡᠨ ᠮᠤᠷᠢᠨ ᠳᠤ︽ᠲᠦᠮᠡᠨ ᠡᠬᠡ︾ ᠴᠤᠯᠠ ᠦᠭᠴᠦ ᠂ ᠴᠤᠯᠠ ᠶᠢ ᠪᠡᠯᠭᠡ ᠲᠡᠢ ᠰᠠᠶᠢᠬᠠᠨ ᠦᠭᠡ ᠪᠡᠷ ᠠᠶᠠᠯᠠᠭᠤᠯᠠᠨ ᠳᠠᠭᠤᠳᠠᠬᠤ ᠵᠢᠷᠤᠮ ᠲᠤᠭᠲᠠᠭᠰᠠᠨ ᠪᠠᠶᠢᠨᠠᠮ ᠃ ᠪᠤᠩᠬᠤᠷ ᠳᠤᠨᠢᠷ ᠤᠨ ᠭᠠᠭᠴᠠ ᠮᠤᠷᠢ ᠶᠢ ᠮᠠᠭᠲᠠᠭᠰᠠᠨ ᠳᠠᠷᠬᠠᠨ ᠴᠢᠩ ᠸᠠᠩ ᠤᠨ ᠰᠢᠯᠦᠭ ᠡᠳᠦᠭᠡ ᠶᠢ ᠬᠦᠷᠲᠡᠯ᠎ᠡ ᠲᠦᠷᠦ ᠶᠢᠨ ᠨᠠᠭᠠᠳᠤᠮ ᠤᠨ ᠲᠦᠷᠦᠭᠦᠨ ᠳᠦ ᠡᠭᠡᠰᠢᠭᠯᠡᠨ ᠢᠷᠡᠭᠰᠡᠨ ︽ᠲᠦᠮᠡᠨ ᠡᠬᠡ︾ ᠬᠡᠮᠡᠬᠦ ᠤᠷᠲᠤ ᠶᠢᠨ ᠳᠠᠭᠤᠨ ᠤ ᠡᠬᠡ ᠰᠤᠷᠪᠤᠯᠵᠢ ᠮᠦᠨ ᠪᠢᠯᠡ ᠃︽ᠲᠦᠮᠡᠨ ᠡᠬᠡ︾ᠳᠠᠭᠤᠤ ᠶᠢ ᠪᠠᠷᠠᠭᠤᠨ ᠵᠡᠭᠦᠨ ᠮᠤᠩᠭᠤᠯᠴᠤᠳ ᠬᠡᠳᠦ ᠬᠡᠳᠦᠨ ᠶᠠᠩᠵᠤ ᠪᠠᠷ ᠳᠠᠭᠤᠯᠠᠬᠤ ᠪᠦᠭᠡᠳ ᠦᠨᠦᠳᠦᠷ ᠬᠠᠮᠤᠭ ᠤᠨ ᠲᠦᠭᠡᠮᠡᠯ ᠢᠶᠡᠷ ᠳᠠᠭᠤᠯᠠᠭᠳᠠᠵᠤ ᠢᠷᠡᠭᠰᠡᠨ ᠨᠢᠭᠡᠨ ᠬᠤᠪᠢᠯᠪᠤᠷᠢ ᠠᠴᠠ ᠡᠨᠳᠡ ᠡᠰᠢᠯᠡᠶ᠎ᠡ ᠃

ᠵᠠ ᠂ ᠂ ᠂

ᠤᠯᠠᠨ ᠵᠢᠭᠰᠠᠭᠠᠯ ᠠᠭᠲᠠ ᠶᠢᠨ ᠳᠤᠲᠤᠷ᠎ᠠ ᠠᠴᠠ

ᠤᠯᠵᠤ ᠵᠢᠭᠰᠠᠭᠠᠬᠤ ᠳᠤ ᠬᠦᠯᠦᠭ ᠦᠨ ᠪᠠᠶᠢᠳᠠᠯ ᠲᠠᠢ

ᠦᠰᠦᠷᠭᠡᠬᠦ ᠨᠠᠭᠠᠳᠤᠮ ᠳᠤ

ᠦᠯᠡᠮᠵᠢ ᠭᠤᠸ᠎ᠠ ᠮᠤᠷᠢ ᠪᠤᠢ

ᠵᠠ ᠂ ᠂ ᠂

ᠲᠠᠲᠠᠭᠠᠳ ᠤᠳᠬᠤ ᠶᠢᠨ ᠴᠠᠭ ᠲᠤ

ᠳᠠᠬᠢᠨ ᠲᠡᠮᠡᠦᠯᠦᠭᠡᠳ

ᠲᠠᠯᠪᠢᠭᠠᠳ ᠢᠷᠡᠬᠦ ᠶᠢᠨ ᠴᠠᠭ ᠲᠤ ᠨᠢ

ᠲᠠᠰᠤᠷᠬᠠᠢ ᠭᠠᠭᠴᠠᠭᠠᠷ ᠢᠶᠠᠨ ᠲᠦᠷᠦᠭᠦᠯᠡᠭᠡᠳ

ᠠᠶᠢᠰᠤᠢ ᠯᠠ ᠪᠠᠶᠢᠨ᠎ᠠ

ᠵᠠ ᠂ ᠂ ᠂

ᠬᠦᠢ ᠤᠯᠠᠨ ᠮᠤᠷᠢᠳ ᠤᠨ ᠲᠦᠮᠡᠨ ᠡᠬᠡ

ᠲᠤᠳᠤ ᠮᠠᠩᠨᠠᠢ ᠂ ᠲᠣᠷᠭᠠᠨ ᠵᠢᠯᠣᠭᠣ ᠨᠢ ᠡᠨᠡ ᠪᠣᠯᠣᠨᠠᠮ ᠵᠠ ᠃

ᠮᠤᠩᠭᠤᠯᠴᠤᠳ ᠮᠤᠷᠢ ᠪᠠᠨ ᠮᠤᠷᠳᠠᠭᠤᠯᠬᠤ ᠳᠤ ᠪᠠᠨ ᠬᠤᠭᠤᠷ ᠢᠶᠠᠨ ᠬᠤᠭᠤᠷᠳᠠᠵᠤ ᠂︽ᠲᠦᠮᠡᠨ ᠡᠬᠡ︾ ᠪᠠᠨ ᠳᠠᠭᠤᠯᠠᠬᠤ ᠨᠢ ᠲᠡᠶᠢᠨ ᠡᠷᠲᠡᠨ ᠦ ᠶᠤᠰᠤᠨ ᠪᠤᠯᠠᠢ ᠃ ᠪᠤᠩᠬᠤᠷ ᠳᠤᠨᠢᠷ ᠤᠨ ᠭᠠᠭᠴᠠ ᠮᠤᠷᠢᠨ ᠳᠤ ᠦᠭᠭᠦᠭᠰᠡᠨ ︽ᠲᠦᠮᠡᠨ ᠡᠬᠡ︾ ᠴᠤᠯᠠ ᠴᠠᠰᠢ ᠤᠨᠴᠠ ᠭᠠᠷᠮᠠᠭᠠᠢ ᠬᠤᠷᠳᠤᠨ ᠳᠤ  ᠦᠭᠳᠡᠭ ᠬᠦᠨᠳᠦᠲᠦ ᠴᠤᠯᠠ ᠪᠤᠯᠤᠭᠰᠠᠨ ᠶᠤᠮ ᠃ ᠭᠠᠭᠴᠠ ᠬᠤᠶᠠᠷ ᠲᠦᠷᠦᠭᠦᠯᠡᠭᠰᠡᠨ ᠮᠤᠷᠢᠨ ᠳᠤ ᠲᠡᠶᠢᠮᠦ ᠴᠤᠯᠠ ᠦᠭᠴᠦ ᠪᠠᠶᠢᠭᠰᠠᠨ ᠦᠭᠡᠢ ᠃ ᠮᠦᠽᠧᠢ ᠶᠢᠨ ᠠᠬᠠᠮᠠᠳ ᠠᠮᠵᠢᠯᠴᠠ ᠡᠪᠦᠭᠡᠨ ᠪᠢᠴᠢᠭᠡᠴᠢ ᠲᠢᠨᠳᠦᠪ ᠳᠤᠷᠠᠳᠤᠳᠬᠠᠯ ᠳᠤ ᠪᠠᠨ ᠄︽ᠤᠷᠢᠳᠤ ᠱᠠᠪᠢ ᠶᠢᠨ ᠬᠦᠬᠡ ᠳᠤᠨᠳᠤᠭ ᠤᠨ ᠲᠦᠮᠡᠨ ᠦ ᠡᠬᠡ ᠭᠡᠵᠦ ᠳᠠᠯᠤ ᠴᠠᠭᠠᠨ ᠠᠯᠠᠭ ᠮᠤᠷᠢ ᠬᠠᠯᠬ᠎ᠠ ᠳᠤ ᠠᠯᠳᠠᠷᠰᠢᠭᠰᠠᠨ ᠶᠤᠮ ᠃ ᠳᠤᠯᠤᠭᠠᠨ ᠬᠤᠰᠢᠭᠤ ᠳᠠᠩᠱᠢᠭ ᠲᠤ ᠳᠤᠯᠤᠭ᠎ᠠ ᠲᠦᠷᠦᠭᠦᠯᠡᠵᠦ ᠂ ᠬᠤᠷᠢ ᠭᠠᠷᠤᠢ ᠨᠠᠰᠤᠯᠠᠭᠰᠠᠨ ᠭᠡᠳᠡᠭ ᠃ ᠲᠡᠷᠡ ᠮᠤᠷᠢᠨ ᠤ ᠵᠤ ᠨᠢ ᠲᠠᠤᠯᠠᠢ ᠬᠡᠯᠪᠡᠷᠢ ᠲᠡᠢ ᠂ ᠴᠢᠬᠢ ᠨᠢ ᠤᠷᠲᠤ ᠨᠢᠮᠭᠡᠨ ᠂ ᠬᠠᠮᠠᠷ ᠲᠤᠮᠤ ᠰᠠᠷᠪᠠᠭᠠᠷ ᠂ ᠨᠢᠳᠦ ᠬᠤᠷᠴᠠ ᠂ ᠵᠢᠵᠢᠭ ᠪᠦᠯᠳᠡᠭᠡᠷ ᠮᠤᠷᠢ ᠪᠠᠶᠢᠭᠰᠠᠨ ᠃ ᠰᠡᠭᠦᠯ ᠳᠦ ᠵᠢᠰᠠ ᠶᠢᠨ ᠲᠢᠨᠳᠦᠪ ᠦᠨ ᠫᠤᠨᠴᠤᠭᠳᠤᠷᠵᠢ ᠳᠡᠭᠡᠷ᠎ᠡ ᠪᠠᠶᠢᠭᠠᠳ ᠦᠬᠦᠭᠰᠡᠨ ᠃ ᠲᠤᠯᠤᠭᠠᠢ ᠶᠢ ᠠᠪᠴᠤ ᠬᠠᠳᠠᠭᠠᠯᠠᠭᠰᠠᠨ ᠭᠡᠵᠦ ᠳᠤᠭᠤᠯᠤᠭᠰᠠᠨ ᠂ ᠳᠠᠷᠠᠭ᠎ᠠ ᠨᠢ ᠫᠤᠨᠴᠤᠭᠳᠤᠷᠵᠢ ᠶᠢᠨ ᠡᠪᠦᠯᠵᠢᠶᠡᠨ ᠳᠦ ᠪᠤᠯᠠᠭᠰᠠᠨ ᠶᠤᠮ ᠭᠡᠨ᠎ᠡ ᠭᠡᠳᠡᠭ ᠰᠡᠨ︾ ᠭᠡᠵᠦ ᠪᠢᠴᠢᠵᠡᠢ ᠃

ᠳᠤᠨᠳᠤᠭ ᠤᠨ ᠲᠦᠮᠡᠨ ᠡᠬᠡ ᠬᠡᠮᠡᠬᠦ ᠳᠠᠯᠤ ᠴᠠᠭᠠᠨ ᠠᠯᠠᠭ ᠮᠤᠷᠢᠨ ᠤ ᠲᠤᠬᠠᠢ ᠪᠠᠰᠠ ᠨᠢᠭᠡ ᠰᠤᠨᠢᠷᠬᠠᠯᠲᠠᠢ ᠮᠡᠳᠡᠭᠡ 1971 ᠤᠨ ᠤ 05 ᠳ᠋ᠤᠭᠠᠷ ᠰᠠᠷ᠎ᠠ ᠶᠢᠨ 21- ᠦ︽ᠤᠷᠤᠭᠰᠢ ᠠ᠋︾ ᠰᠤᠨᠢᠨ ᠳᠤ ᠪᠢᠴᠢᠭᠳᠡᠭᠰᠡᠨ ᠨᠢ ᠄ ᠳᠠᠩᠱᠢᠭ ᠨᠠᠭᠠᠳᠤᠮ ᠳᠤ 14 ᠤᠳᠠᠭ᠎ᠠ ᠲᠦᠷᠦᠭᠦᠯᠡᠭᠰᠡᠨ ᠃ ᠲᠦᠮᠡᠨ ᠦ ᠡᠬᠡ ᠬᠡᠭᠡᠷ ᠮᠤᠷᠢᠨ ᠤ ᠲᠤᠯᠤᠭᠠᠢ ᠶᠢ ᠲᠦᠪ ᠠᠶᠢᠮᠠᠭ ᠤᠨ ᠬᠠᠷᠢᠶ᠎ᠠ ᠨᠤᠲᠤᠭ ᠪᠤᠯᠬᠤ ᠬᠤᠩᠬᠤᠷ ᠤᠨ ᠰᠲ᠋ᠠᠨᠽᠢ ᠶᠢᠨ ᠬᠠᠪᠢ ᠪᠠᠷ ᠨᠤᠲᠤᠭᠯᠠᠵᠤ ᠪᠠᠶᠢᠭᠰᠠᠨ ᠫᠤᠨᠴᠤᠭᠳᠤᠷᠵᠢ ᠶᠢᠨ ᠳᠦ ᠪᠤᠢ ᠃ ᠫᠤᠨᠴᠤᠭᠳᠤᠷᠵᠢ ᠦᠷ᠎ᠡ ᠰᠠᠳᠠ ᠤᠳᠤ ᠵᠡᠭᠦᠨᠬᠠᠷᠠᠭ᠎ᠠ ᠳᠤ ᠪᠤᠢ ᠃ ᠡᠨᠡᠬᠦ ᠳᠤᠮᠤᠭᠲᠤ ᠮᠤᠷᠢᠨ ᠤ ᠲᠤᠯᠤᠭᠠᠢ ᠶᠢ ᠴᠠᠭᠠᠨ ᠂ ᠰᠢᠷ᠎ᠠ ᠦᠩᠭᠡ ᠶᠢᠨ ᠭᠬᠢᠪ ᠢᠶᠡᠷ ᠨᠠᠨᠳᠢᠩᠨᠠᠨ ᠪᠤᠭᠤᠵᠤ ᠬᠤᠶᠢᠮᠤᠷ ᠤᠨ ᠠᠪᠳᠠᠷ᠎ᠠ ᠳᠤ ᠪᠠᠨ ᠬᠠᠳᠠᠭᠠᠯᠠᠵᠤ ᠪᠠᠶᠢᠭᠰᠠᠨ ᠢ ᠨᠢᠭᠡᠨᠲᠡ ᠦᠵᠡᠭᠰᠡᠨ ᠭᠡᠵᠦ ᠬᠠᠭᠤᠴᠢᠨ ᠬᠡᠨᠲᠡᠢ ᠠᠶᠢᠮᠠᠭ ᠤᠨ ᠬᠠᠷᠢᠶᠠᠲᠤ ᠳᠤᠯᠠᠭᠠᠨ ᠬᠡᠮᠡᠬᠦ ᠳᠠᠮᠳᠢᠨᠵᠠᠪ ᠶᠠᠷᠢᠵᠡᠢ ᠃ ᠦᠶ᠎ᠡ ᠦᠶ᠎ᠡ ᠶᠢᠨ ᠭᠠᠶᠢᠬᠠᠮᠰᠢᠭᠲᠤ ᠬᠤᠷᠳᠤᠨ ᠬᠦᠯᠦᠭ ᠲᠦᠮᠡᠨ ᠡᠬᠡ ᠨᠤᠭᠦᠳ ᠦᠨ ᠰᠢᠨᠵᠢ ᠲᠦᠷᠬᠦ ᠶᠢ ᠮᠤᠷᠢᠨ ᠤ ᠰᠢᠨᠵᠢ ᠶᠢᠨ ᠰᠤᠳᠤᠷ ᠲᠤ ᠲᠡᠮᠳᠡᠭᠯᠡᠭᠡᠳ ᠵᠤᠭᠰᠤᠭᠰᠠᠨ ᠦᠭᠡᠢ ᠴᠤᠯᠠ ᠂ ᠢᠷᠦᠭᠡᠯ ᠂ ᠮᠠᠭᠲᠠᠭᠠᠯ ᠳᠤ ᠤᠷᠤᠭᠤᠯᠤᠨ  ᠦᠯᠡᠳᠡᠭᠰᠡᠨ ᠨᠢ ᠴᠦᠭᠡᠨ ᠦᠭᠡᠢ ᠶᠤᠮ ᠃

ᠲᠦᠮᠡᠨ ᠡᠬᠡ ᠶᠢᠨ ᠴᠤᠯᠠ ᠳᠤ ᠵᠦᠭᠡᠷ ᠡᠩᠭᠦᠨ ᠬᠤᠷᠳᠤᠨ ᠮᠤᠷᠢ ᠶᠢ ᠮᠠᠭᠲᠠᠭᠰᠠᠨ ᠪᠢᠰᠢ︽ᠠᠷᠰᠯᠠᠨ ᠂ ᠵᠠᠭᠠᠨ ᠂ ᠭᠠᠷᠤᠳᠢ ︾ ᠶᠢᠨ ᠭᠤᠷᠪᠠᠨ ᠰᠢᠨᠵᠢ ᠪᠦᠷᠢᠳᠦᠭᠰᠡᠨ ᠵᠢᠩᠬᠢᠨᠢ ᠮᠤᠷᠢᠨ ᠬᠦᠯᠦᠭ ᠦᠨ ᠤᠶᠠᠭ᠎ᠠ ᠵᠠᠰᠠᠯ ᠂ ᠤᠤᠭᠤᠰᠢ ᠢᠳᠡᠰᠢ ᠂ ᠬᠤᠷᠳᠤ ᠳᠠᠪᠬᠢᠯ ᠪᠦᠬᠦᠨ ᠢ ᠳᠤᠷᠠᠳᠤᠭᠰᠠᠨ ᠪᠠᠶᠢᠳᠠᠭ ᠃ ᠡᠭᠦᠨ ᠡᠴᠡ ᠰᠤᠷᠪᠤᠯᠵᠢᠯᠠᠨ ᠲᠡᠷᠢᠭᠦᠨ ᠮᠤᠷᠢ ᠶᠢ ᠪᠠᠶᠠᠷ ᠤᠨ ᠮᠠᠩᠨᠠᠢ ᠂ ᠳᠡᠳ᠋ ᠮᠤᠷᠢ ᠶᠢ ᠵᠢᠷᠭᠠᠯᠠᠩᠲᠤ ᠬᠦᠯᠦᠭ ᠂ ᠭᠤᠲᠠᠭᠠᠷ ᠮᠤᠷᠢ ᠶᠢ ᠨᠠᠷᠠᠨ ᠮᠠᠨᠳᠤᠯ ᠂ ᠳᠦᠲᠡᠭᠡᠷ ᠮᠤᠷᠢ ᠶᠢ ᠨᠠᠴᠢᠨ ᠱᠤᠩᠬᠤᠷ ᠂ ᠲᠠᠪᠤᠳᠤᠭᠠᠷ ᠮᠤᠷᠢ ᠶᠢ ᠢᠳᠡᠷ ᠵᠠᠭᠠᠨ ᠂ ᠵᠢᠷᠭᠤᠳᠤᠭᠠᠷ ᠮᠤᠷᠢ ᠶᠢ ᠨᠠᠴᠢᠨ ᠱᠤᠩᠬᠤᠷ ᠂ ᠳᠤᠯᠤᠭᠠᠳᠤᠭᠠᠷ ᠮᠤᠷᠢ ᠶᠢ ᠬᠦᠬᠡ ᠠᠷᠰᠯᠠᠨ ᠂ ᠨᠠᠢᠮᠠᠳᠤᠭᠠᠷ ᠮᠤᠷᠢ ᠶᠢ ᠵᠢᠷᠭᠠᠯ ᠂ ᠶᠢᠰᠤᠳᠦᠭᠡᠷ ᠮᠤᠷᠢ ᠶᠢ ᠠᠯᠲᠠᠨ ᠰᠠᠨᠳᠠᠯᠢ ᠭᠡᠬᠦ ᠮᠡᠲᠦ ᠪᠡᠷ ᠲᠤᠰ ᠲᠤᠰ ᠢᠶᠠᠷ ᠲᠤᠬᠢᠷᠠᠭᠤᠯᠤᠨ ᠮᠠᠭᠲᠠᠨ ᠳᠠᠭᠤᠳᠠᠵᠤ ᠪᠠᠶᠢᠭᠰᠠᠨ ᠪᠢᠯᠡ ᠃ ᠳᠠᠰᠢᠷᠠᠮ ᠳᠤ ᠬᠡᠯᠡᠬᠦ ᠳᠦ ᠦᠨᠦᠳᠦᠷ ᠬᠠᠮᠢᠭ᠎ᠠ ᠭᠠᠵᠠᠷ ᠤᠨ ᠨᠠᠭᠠᠳᠤᠮ ᠤᠨ ᠮᠤᠷᠢᠨ ᠤ ᠴᠤᠯᠠ ᠲᠦᠷᠦᠭᠦᠯᠡᠭᠰᠡᠨ ᠂ ᠠᠶᠢᠷᠠᠭ ᠤᠨ ᠲᠠᠪᠤ ᠳᠤ ᠤᠷᠤᠭᠰᠠᠨ ᠴᠦᠮ ᠢᠶᠡᠷ ᠠᠳᠠᠯᠢ ᠳᠠᠭᠤᠳᠠᠭᠳᠠᠨ ᠪᠠᠶᠢᠭ᠎ᠠ ᠶᠢ ᠡᠷᠬᠡᠪᠢᠰᠢ ᠠᠩᠬᠠᠷᠬᠤ ᠪᠢᠵᠡ ᠡ ᠃ ᠪᠢᠴᠢᠭ ᠦᠨ ᠬᠠᠭᠤᠴᠢᠨ ᠰᠤᠷᠭᠠᠯ ᠳᠤ ᠳᠤᠷᠠᠳᠤᠭᠰᠠᠨ ᠠᠴᠠ ᠰᠡᠬᠦᠨ ᠦᠵᠡᠪᠡᠯ ᠄

ᠴᠢᠩ ᠦᠳᠡ ᠶᠢᠨ ᠬᠠᠯᠠᠭᠤᠨ ᠳᠦ

ᠴᠢᠨᠳᠠᠮᠠᠨᠢ ᠭᠡᠷᠡᠯ ᠲᠤᠰᠠᠬᠤ ᠳᠤ

ᠳᠠᠯᠠᠢ ᠶᠢᠨ ᠤᠰᠤ ᠶᠢ ᠲᠠᠰᠤ ᠭᠦᠶᠦᠵᠦ

ᠦᠶᠡᠷ ᠦᠨ ᠤᠰᠤ ᠶᠢ ᠤᠶᠢᠯᠠᠨ ᠭᠦᠶᠦᠵᠦ

ᠰᠠᠨᠮᠠᠢ ᠳᠤᠮᠳᠠ ᠪᠠᠨ ᠰᠠᠷᠠᠨ ᠲᠠᠢ

ᠰᠠᠷᠠᠨ ᠳᠤᠮᠳᠠ ᠪᠠᠨ ᠨᠠᠷᠠᠨ ᠲᠠᠢ

ᠯᠾᠦ᠋ᠮᠪᠦ‍ᠠᠭᠠᠷᠸᠠ ᠶᠢᠨ ᠲᠠᠮᠠᠭ᠎ᠠ ᠲᠠᠢ

ᠯᠤᠤᠰ ᠤᠨ ᠬᠠᠭᠠᠨ ᠤ ᠰᠡᠲᠡᠷ ᠲᠡᠢ

ᠳᠦᠷᠪᠡᠨ ᠤᠭ᠍ᠶᠦ ᠲᠤᠭᠤᠷᠠᠢ ᠲᠠᠢ

ᠳᠦᠰᠢᠨ ᠴᠠᠭᠠᠨ ᠨᠡᠷ᠎ᠡ ᠲᠡᠢ ᠁︾ ᠭᠡᠵᠡᠢ ᠃ ᠢᠩᠬᠢᠵᠦ ᠮᠤᠷᠢᠨ ᠬᠦᠯᠦᠭ ᠢᠶᠡᠨ ᠡᠷᠳᠡᠨᠢ ᠪᠤᠯᠭᠠᠨ ᠳᠡᠭᠡᠳᠦᠯᠡᠭᠰᠡᠨ ᠨᠢ ᠮᠤᠩᠭᠤᠯ ᠬᠦᠮᠦᠨ ᠦ ᠰᠦᠯᠳᠡ ᠪᠤᠶᠤ ᠃ ᠮᠤᠩᠭᠤᠯ ᠬᠦᠮᠦᠨ ᠦ ᠢᠳᠡᠭᠡᠯ ᠦᠨ ᠬᠤᠶᠢᠮᠤᠷ ᠪᠤᠶᠤ ᠬᠡᠶᠢᠮᠤᠷᠢ ᠭᠡᠭᠴᠢ ᠰᠢᠭᠤᠳ ᠤᠳᠬ᠎ᠠ ᠪᠠᠷ ᠢᠶᠠᠨ ᠮᠤᠷᠢ ᠶᠤᠮ ᠃ ᠲᠡᠭᠡᠭᠡᠳ ᠴᠦ ᠬᠤᠶᠢᠮᠤᠷ ᠢᠶᠠᠨ ᠯᠤᠤ ᠂ ᠪᠠᠷᠰ ᠂ ᠠᠷᠰᠯᠠᠨ ᠂ ᠭᠠᠷᠤᠳᠢ ᠪᠠᠷ ᠬᠠᠮᠠᠭᠠᠯᠠᠭᠤᠯᠤᠨ ᠠᠵᠠ ᠵᠠᠶᠠᠭ᠎ᠠ ᠂ ᠪᠤᠶᠠᠨ ᠬᠡᠰᠢᠭ ᠂ ᠦᠯᠵᠡᠢ ᠬᠤᠲᠤᠭ ᠂ ᠰᠦᠷ ᠵᠢᠪᠬᠤᠯᠠᠩ ᠪᠦᠭᠦᠳᠡ ᠪᠠᠲᠤ ᠪᠠᠷ ᠤᠷᠤᠰᠢᠨ ᠰᠤᠶᠤᠷᠬᠠᠬᠤ ᠪᠤᠯᠲᠤᠭᠠᠢ ᠬᠡᠮᠡᠵᠦᠬᠦᠢ ᠃ ︵ᠬᠡᠶᠢᠮᠤᠷᠢ ᠪᠤᠯ ᠰᠠᠨᠰᠠᠷ ᠲᠤ ᠵᠤᠯᠭᠠᠨ᠎ᠠ ᠭᠡᠰᠡᠨ ᠤᠳᠬ᠎ᠠ ᠲᠠᠢ ᠦᠭᠡ ᠪᠤᠯᠤᠨ᠎ᠠ︶ ᠮᠦᠨ ᠲᠦᠷᠦ ᠶᠢᠨ ᠳᠤᠯᠤᠭᠠᠨ ᠡᠷᠳᠡᠨᠢ ᠲᠡᠢ ᠬᠦᠯᠦᠭ ᠦᠨ ᠰᠢᠨᠵᠢ ᠶᠢ ᠵᠦᠢᠷᠯᠡᠨ ᠠᠳᠠᠯᠢᠳᠬᠠᠨ ᠮᠠᠭᠲᠠᠬᠤ ᠳᠦ ᠪᠡᠨ ᠄

ᠳᠠᠶᠠᠨ ᠳᠦᠷᠪᠡᠨ ᠲᠢᠪ ᠲᠦ ᠡᠷᠬᠡ ᠶᠢ ᠤᠷᠤᠭᠤᠯᠠᠭᠴᠢ

ᠬᠦᠷᠳᠦ ᠡᠷᠳᠡᠨᠢ ᠶᠢᠨ ᠠᠳᠠᠯᠢ ᠲᠤᠭᠤᠷᠠᠢ ᠲᠠᠢ

ᠳᠠᠯᠳᠠ ᠬᠦᠰᠡᠯ ᠢ ᠬᠠᠩᠭᠠᠭᠴᠢ

ᠴᠢᠨᠳᠠᠮᠤᠨᠢ ᠡᠷᠳᠡᠨᠢ ᠶᠢᠨ ᠲᠤᠯᠤᠭᠠᠢ ᠲᠠᠢ

ᠲᠠᠭᠠᠯᠠᠮᠵᠢ ᠲᠠᠢ ᠰᠡᠳᠬᠢᠯ ᠢ ᠪᠠᠶᠠᠰᠤᠭᠤᠯᠤᠭᠴᠢ

ᠬᠠᠲᠤᠨ ᠡᠷᠳᠡᠨᠢ ᠶᠢᠨ ᠠᠳᠠᠯᠢ ᠵᠤᠪᠬᠢ ᠲᠠᠢ

ᠲᠤᠪᠴᠢᠶᠠᠨ ᠰᠢᠳᠤᠷᠭᠤ ᠲᠦᠷᠦ ᠳᠠᠬᠢᠨ ᠳᠦ ᠪᠡᠨ ᠦᠨᠡᠨᠴᠢ

ᠰᠠᠶᠢᠳ ᠡᠷᠳᠡᠨᠢ ᠶᠢᠨ ᠠᠳᠠᠯᠢ ᠲᠦᠪᠰᠢᠨ ᠭᠢᠰᠬᠢᠳᠡᠯ ᠲᠡᠢ

ᠲᠠᠯᠪᠢᠬᠤ ᠶᠢᠨ ᠵᠠᠭᠤᠷ᠎ᠠ ᠤᠷᠤᠨ ᠢ ᠡᠷᠭᠢᠭᠴᠢ

ᠡᠵᠡᠨ ᠦ ᠡᠷᠳᠡᠨᠢ ᠠᠳᠠᠯᠢ ᠪᠠᠶᠢᠳᠠᠯ ᠲᠠᠢ

ᠳᠠᠪᠬᠤᠷ ᠳᠠᠪᠬᠤᠷ ᠴᠢᠨᠳᠠᠮᠤᠨᠢ ᠶᠢᠨ ᠰᠠᠩ ᠠᠴᠢᠭᠰᠠᠨ

ᠵᠠᠭᠠᠨ ᠡᠷᠳᠡᠨᠢ ᠶᠢᠨ ᠠᠳᠠᠯᠢ ᠴᠢᠳᠠᠯ ᠲᠠᠢ

ᠳᠠᠶᠢᠯᠠᠨ ᠪᠠᠶᠢᠯᠳᠤᠬᠤ ᠳᠤ ᠬᠠᠷᠠᠮ ᠦᠭᠡᠢ

ᠪᠠᠭᠠᠲᠤᠷ ᠡᠷᠳᠡᠨᠢ ᠶᠢᠨ ᠠᠳᠠᠯᠢ ᠭᠠᠪᠢᠶ᠎ᠠ ᠲᠠᠢ

ᠲᠤᠪᠴᠢ ᠰᠠᠶᠢᠬᠠᠨ ᠳᠤᠯᠤᠭᠠᠨ ᠡᠷᠳᠡᠨᠢ ᠶᠢᠨ ᠰᠢᠨᠵᠢ ᠪᠦᠷᠢᠳᠬᠡᠭᠰᠡᠨ

ᠳᠤᠪᠲᠤᠯᠠᠨ ᠲᠡᠷᠢᠭᠦᠯᠦᠭᠴᠢ ᠬᠤᠷᠳᠤᠨ ᠬᠦᠯᠦᠭ ᠮᠠᠭᠠᠳ ᠮᠦᠨ ᠃

ᠡᠨᠡ ᠮᠡᠲᠦ ᠳᠤᠯᠤᠭᠠᠨ ᠡᠷᠳᠡᠨᠢ ᠂ ᠨᠠᠢᠮᠠᠨ ᠲᠠᠬᠢᠯ ᠂ ᠳᠦᠷᠪᠡᠨ ᠬᠦᠴᠦᠲᠡᠨ ᠂ ᠲᠠᠪᠤᠨ ᠬᠦᠰᠡᠯ ᠦᠨ ᠡᠷᠳᠡᠨᠢ ᠪᠤᠯᠤᠭᠠᠳ ᠵᠢᠷᠭᠠᠯ ᠵᠤᠪᠠᠯᠠᠩ ᠂ ᠢᠯᠠᠯᠲᠠ ᠠᠮᠵᠢᠯᠲᠠ ᠂ ᠬᠠᠶᠢᠷ᠎ᠠ ᠰᠡᠳᠬᠢᠯ ᠪᠦᠬᠦᠨ ᠲᠡᠢ ᠪᠡᠨ ᠮᠤᠷᠢᠨ ᠡᠷᠳᠡᠨᠢ ᠪᠡᠨ ᠬᠤᠯᠪᠤᠨ ᠲᠦᠷᠦ ᠬᠢᠭᠡᠳ ᠱᠠᠰᠢᠨ ᠤ ᠶᠤᠰᠤᠨ ᠳᠤ ᠳᠡᠭᠡᠳᠦᠯᠡᠨ ᠤᠷᠤᠭᠤᠯᠠᠭᠰᠠᠨ ᠪᠠᠶᠢᠨ᠎ᠠ ᠃ ᠰᠢᠨ᠎ᠡ ᠮᠤᠩᠭᠤᠯ ᠤᠨ ᠲᠠᠬᠢᠯ ᠰᠦᠯᠳᠡᠨ ᠳᠦ ᠮᠤᠷᠢᠨ ᠡᠷᠳᠡᠨᠢ ᠳᠡᠭᠡᠳᠦᠯᠡᠭᠳᠡᠭᠰᠡᠨ ᠢ ᠴᠦ ᠪᠤᠳᠤᠬᠤ ᠨᠢ ᠡ ᠮᠤᠩᠭᠤᠯ ᠬᠦᠮᠦᠨ ᠢ ᠮᠤᠷᠢ ᠦᠭᠡᠢ ᠪᠡᠷ ᠲᠦᠰᠦᠭᠡᠯᠡᠬᠦ ᠶᠢᠨ  ᠠᠷᠭ᠎ᠠ ᠦᠭᠡᠢ  ᠶᠢᠨ  ᠤᠳᠬ᠎ᠠ ᠨᠢᠭᠡᠨ ᠪᠤᠢ  ᠃ ᠴᠣᠬᠣᠮ ᠮᠤᠷᠢ ᠦᠭᠡᠢ ᠪᠤᠯ ᠮᠤᠬᠤᠭᠤ ᠭᠡᠳᠡᠭ ᠦᠭᠡ ᠡᠨᠳᠡ ᠡᠴᠡ ᠭᠠᠷᠴᠡᠢ ᠃ ᠮᠤᠩᠭᠤᠯ ᠬᠦᠮᠦᠨ ᠪᠦᠷᠢ ᠰᠡᠳᠬᠢᠯ ᠵᠢᠷᠦᠬᠡᠨ ᠳᠦ ᠪᠡᠨ ᠨᠢᠭᠡ ᠨᠢᠭᠡ ᠲᠦᠮᠡᠨ ᠡᠬᠡ ᠪᠤᠯᠤᠭᠰᠠᠨ ᠬᠦᠯᠦᠭ - ᠬᠡᠶᠢᠮᠣᠷᠢ ᠶᠢ ᠳᠡᠷᠪᠡᠭᠦᠯᠦᠨ ᠶᠠᠪᠤᠳᠠᠭ ᠢ ᠠᠷᠠᠳ ᠤᠨ ᠰᠡᠴᠡᠨ ᠦᠭᠡ ᠪᠡᠷ ᠲᠤᠪᠴᠢᠯᠠᠨ ᠤᠨᠤᠭᠠᠭᠰᠠᠨ ᠨᠢ ᠄

ᠡᠷ᠎ᠡ ᠬᠦᠮᠦᠨ ᠦ ᠴᠡᠭᠡᠵᠢᠨ ᠳᠦ

ᠡᠮᠡᠭᠡᠯ ᠲᠡᠢ ᠬᠠᠵᠠᠭᠠᠷ ᠲᠠᠢ ᠮᠤᠷᠢ ᠪᠠᠭᠲᠠᠨ᠎ᠠ ᠭᠡᠵᠡᠢ ᠃

ᠦᠯᠢᠭᠡᠷ ᠲᠤᠤᠯᠢᠰ ᠲᠤ ᠪᠤᠯ ᠮᠤᠷᠢ ᠬᠦᠮᠦᠨ ᠬᠤᠶᠠᠷ ᠬᠤᠭᠤᠷᠤᠨᠳᠤ ᠪᠠᠨ ᠬᠦᠮᠦᠨ ᠦ ᠬᠡᠯᠡ ᠪᠡᠷ ᠶᠠᠷᠢᠯᠴᠠᠳᠠᠭ ᠃ ᠮᠢᠩᠭᠠᠨ ᠤ ᠮᠠᠩᠯᠠᠢ ᠂ ᠲᠦᠮᠡᠨ ᠦ ᠲᠦᠷᠦᠭᠦᠦ ᠬᠦᠯᠦᠭ ᠡᠷᠳᠡᠨᠢ ᠢᠶᠡᠨ ᠤᠨᠤᠵᠤ ᠡᠳ᠋ᠯᠡᠵᠦ ᠂ ᠤᠶᠠᠵᠤ ᠰᠤᠶᠢᠵᠤ ᠂ ᠳᠠᠶᠢᠨ ᠲᠤᠯᠠᠭᠠᠨ ᠳᠤ ᠨᠦᠬᠦᠷᠯᠡᠯ ᠢᠶᠡᠨ ᠬᠢᠵᠦ ᠂ ᠤᠳᠤᠮ ᠤᠭᠰᠠᠭ᠎ᠠ ᠶᠢ  ᠨᠢ ᠤᠯᠠᠮ ᠰᠠᠶᠢᠵᠢᠷᠠᠭᠤᠯᠬᠤ ᠂ ᠤᠷᠭ᠎ᠠ ᠂ ᠡᠮᠡᠭᠡᠯ ᠂ ᠬᠠᠵᠠᠭᠠᠷ ᠢ ᠨᠢ ᠬᠦᠷᠲᠡᠯ᠎ᠡ ᠲᠡᠭᠦᠨ ᠯᠤᠭ᠎ᠠ ᠬᠠᠶᠢᠷᠠᠯᠠᠨ ᠡᠷᠬᠢᠮᠯᠡᠭᠰᠡᠭᠡᠷ ᠦᠨᠦᠳᠦᠷ ᠲᠡᠢ ᠵᠤᠯᠭᠠᠵᠡᠢ ᠃ ᠰᠠᠶ᠎ᠠ ᠯᠠ ᠬᠦᠭᠵᠢᠯ ᠳᠡᠪᠰᠢᠯ ᠦᠨ ᠦᠨᠳᠦᠷᠯᠢᠭ ᠲᠦ ᠬᠥᠷᠡᠭᠰᠡᠨ ᠬᠤᠶᠢᠨ᠎ᠠ︽ᠰᠠᠶᠢᠨ ᠨᠦᠬᠦᠷ︾ ᠢᠶᠡᠨ ᠮᠠᠷᠲᠠᠭᠨᠠᠨ ᠤᠨᠢᠰᠤᠨ ᠬᠦᠯᠭᠡ ᠳᠦ ᠰᠢᠲᠦᠵᠦ ᠬᠦᠯᠦᠭ ᠰᠠᠶᠢᠨ ᠮᠤᠷᠢ ᠲᠠᠢ ᠪᠠᠨ︽ᠦᠭᠡ ᠰᠤᠯᠢᠬᠤ︾ ᠶᠢ ᠪᠦᠦ ᠬᠡᠯᠡ ᠪᠠᠷ᠎ᠠ ᠶᠢ ᠨᠢ ᠬᠤᠪᠤᠷ ᠬᠠᠷᠠᠵᠤ ᠪᠠᠶᠢᠨ᠎ᠠ ᠃ ᠲᠦᠮᠡᠨ ᠡᠬᠡ ᠶᠢᠨ ᠤᠳᠤᠮᠲᠤ ᠠᠳᠤᠭᠤᠨ ᠰᠦᠷᠦᠭ ᠬᠡᠭᠡᠷ᠎ᠡ ᠲᠠᠯ᠎ᠠ ᠪᠠᠷ ᠮᠢᠩᠭ᠎ᠠ ᠮᠢᠩᠭ᠎ᠠ ᠪᠠᠷ ᠪᠡᠯᠴᠢᠭᠡᠷᠯᠡᠪᠡᠴᠦ ᠴᠢᠬᠤᠮ ᠲᠡᠷᠡ ᠳᠤᠮᠳᠠ ᠠᠴᠠ ᠵᠢᠩᠬᠢᠨᠢ ᠬᠦᠯᠦᠭ ᠢ ᠲᠠᠨᠢᠨ ᠤᠯᠵᠤ ᠤᠨᠤᠵᠤ ᠡᠳ᠋ᠯᠡᠵᠦ ᠂ ᠤᠶᠠᠵᠤ ᠬᠤᠷᠳᠤᠯᠠᠭᠤᠯᠤᠨ ᠢᠳᠡ ᠪᠠᠬ᠎ᠠ ᠶᠢ  ᠨᠢ ᠦᠵᠡᠬᠦ ᠤᠶᠠᠭᠠᠴᠢ ᠰᠢᠨᠵᠢᠭᠡᠴᠢ ᠪᠠᠷᠤᠭᠯᠠᠵᠤ ᠦᠭᠡᠢ ᠪᠤᠯᠤᠭᠰᠠᠨ ᠭᠡᠪᠡᠯ ᠡᠳᠦᠭᠡ ᠴᠠᠭ ᠤᠨ ᠤᠶᠠᠭᠠᠴᠢᠳ ᠡᠰᠡ ᠭᠤᠮᠤᠳᠠᠬᠤ ᠪᠤᠢ ᠵᠠ ᠃ ᠭᠡᠬᠦ ᠳᠦ ᠪᠡᠨ ᠬᠦᠯᠦᠭ ᠢ ᠲᠠᠨᠢᠨ ᠂ ᠤᠶᠠᠭ᠎ᠠ ᠵᠠᠰᠠᠯ ᠢ ᠨᠢ ᠪᠠᠬᠠᠲᠠᠶᠢᠶ᠎ᠠ ᠦᠨᠡᠨ ᠵᠦᠪ ᠦᠢᠯᠡᠳᠦᠭᠴᠢ ᠡᠷᠳᠡᠮ ᠪᠢᠯᠢᠭᠲᠦ ᠰᠢᠨᠵᠢᠭᠡᠴᠢ ᠥᠨᠥ ᠴᠠᠭ ᠲᠤ ᠲᠦᠷᠦᠬᠦ ᠦᠭᠡᠢ ᠭᠡᠪᠡᠯ ᠲᠡᠭᠦᠨ ᠰᠢᠭ ᠲᠠᠰᠢᠶ᠎ᠠ ᠦᠭᠡ ᠦᠭᠡᠢ ᠶᠤᠮ ᠃︽ᠲᠦᠮᠡᠨ ᠡᠬᠡ︾ ᠬᠡᠮᠡᠨ ᠨᠡᠷᠡᠯᠡᠭᠰᠡᠨ ᠡᠨᠡ ᠲᠡᠮᠳᠡᠭᠯᠡᠭᠡ ᠶᠢ ᠠᠷᠪᠠᠨ ᠳᠤᠯᠤᠭᠠᠳᠤᠭᠠᠷ ᠵᠢᠷᠠᠨ ᠤ ᠰᠢᠷᠭᠠᠴᠢᠨ ᠮᠤᠭᠠᠢ ᠵᠢᠯ ᠦᠨ ᠵᠤᠨ ᠤ ᠳᠤᠮᠳᠠ ᠰᠠᠷ᠎ᠠ ᠶᠢᠨ ᠬᠤᠷᠢᠨ ᠶᠢᠰᠦᠨ ᠦ ᠬᠠᠷᠠᠭᠴᠢᠨ ᠭᠠᠬᠠᠢ ᠡᠳᠦᠷ ᠪᠢᠴᠢᠪᠡ ᠃

ᠦᠭᠦᠯᠡᠬᠦ ᠨᠢ ᠄

ᠲᠦᠮᠡᠨ ᠡᠬᠡ ᠶᠢᠨ ᠡᠨᠡᠬᠦ ᠲᠠᠭᠠᠷᠠᠤᠬᠠᠨ ᠪᠢᠴᠢᠪᠦᠷᠢ ᠶᠢ ᠰᠤᠷᠪᠤᠯᠵᠢᠯᠠᠭᠴᠢ ᠴ ᠂ ᠪᠠᠲᠤ - ᠦᠯᠵᠡᠢ ᠶᠢᠨ ᠵᠠᠬᠢᠶᠠᠯᠠᠭ᠎ᠠ ᠪᠠᠷ ᠲᠡᠷᠯᠡᠭᠦᠯᠦᠨ︽ᠰᠫᠤᠷᠲ ᠤᠨ ᠮᠡᠳᠡᠭᠡ︾ ᠰᠤᠨᠢᠨ ︵1989-07-08 ᠃ №27︶-ᠳᠤ︽ᠲᠦᠮᠡᠨ ᠡᠬᠡ︾ ᠨᠡᠷ᠎ᠡ ᠪᠡᠷ ᠬᠡᠪᠯᠡᠭᠦᠯᠦᠭᠰᠡᠨ ᠶᠤᠮ ᠃ ᠨᠤᠮ ᠳᠦ ᠪᠡᠨ ᠤᠷᠤᠭᠤᠯᠬᠤ ᠳᠦ ᠪᠡᠨ ᠵᠢᠭᠠᠬᠠᠨ ᠵᠠᠰᠠᠵᠤ ᠶᠠᠩᠵᠤᠯᠠᠬᠤ ᠪᠤᠯᠤᠮᠵᠢ ᠪᠠᠶᠢᠭᠰᠠᠨ ᠴᠦ ᠬᠡᠪ ᠢᠶᠡᠷ ᠦᠯᠡᠳᠡᠭᠡᠨ ᠨᠡᠮᠡᠯᠲᠡ ᠲᠠᠶᠢᠯᠪᠤᠷᠢ ᠬᠢᠯ᠎ᠡ ᠃ ᠤᠤᠯ ᠨᠢ ᠪᠢ ᠡᠨᠡ ᠪᠢᠴᠢᠪᠦᠷᠢ ᠳᠦ ᠪᠡᠨ ᠦᠶ᠎ᠡ ᠦᠶ᠎ᠡ ᠳᠦ ᠲᠦᠷᠦᠭᠰᠡᠨ︽ᠲᠦᠮᠡᠨ ᠡᠬᠡ︾ᠮᠤᠷᠢᠳ ᠤᠨ ᠲᠤᠬᠠᠢ ᠪᠢᠴᠢᠶ᠎ᠡ ᠭᠡᠵᠦ ᠪᠤᠳᠤᠵᠤ ᠪᠠᠶᠢᠭᠰᠠᠨ ᠴᠦ ᠶᠡᠷᠦ ᠮᠤᠷᠢᠨ ᠤ ᠴᠤᠯᠠᠨ ᠤ ᠲᠤᠬᠠᠢ ᠳᠤᠷᠠᠳᠤᠮᠠᠷ ᠰᠠᠨᠠᠭᠳᠠᠭᠰᠠᠨ ᠶᠤᠮ ᠃ ᠲᠦᠷᠦᠭᠦᠯᠡᠭᠰᠡᠨ ᠮᠤᠷᠢᠨ ᠳᠤ ᠲᠦᠮᠡᠨ ᠡᠬᠡ ᠴᠤᠯᠠ ᠂ ᠬᠤᠶᠠᠷ ᠂ ᠭᠤᠷᠪᠠ ᠂ ᠳᠦᠷᠪᠡ ᠂ ᠲᠠᠪᠤ ᠂ ᠵᠢᠷᠭᠤᠭ᠎ᠠ ᠂ ᠳᠤᠯᠤᠭ᠎ᠠ ᠂ ᠨᠠᠢᠮᠠ ᠂ ᠶᠢᠰᠦ ᠭᠡᠳ ᠪᠦᠬᠦ ᠪᠠᠷᠢᠭᠰᠠᠨ ᠮᠤᠷᠢᠳ ᠲᠤ ᠰᠤᠨᠢᠨ ᠰᠠᠶᠢᠬᠠᠨ ᠨᠡᠷ᠎ᠡ ᠪᠦᠬᠦᠢ ᠴᠤᠯᠠ ᠦᠭᠭᠦᠭᠡᠳ ᠠᠯᠳᠠᠷᠰᠢᠭᠤᠯᠵᠤ ᠪᠠᠶᠢᠭᠰᠠᠨ ᠲᠤᠬᠠᠢ ᠡᠷᠳᠡᠮᠲᠡᠨ ᠬᠡ‍ ᠂ ᠯᠤᠪᠰᠠᠩᠪᠠᠯᠳᠠᠨ ᠂ ᠬᠡ‍᠂ ᠨᠢᠮᠪᠤᠤ ᠂ ᠤ ᠂ ᠨᠠᠮᠨᠠᠩᠰᠥᠢᠷᠦᠩ ᠂ ᠬᠡ‍ ᠂ ᠰᠠᠮᠫᠢᠯᠲᠢᠨᠳᠦᠪ ᠂ ᠤ ᠂ ᠵᠠᠭᠳᠠᠰᠦᠶᠷᠦᠩ ᠂ ᠴ ᠂ ᠱᠠᠭᠳᠠᠷᠭᠤᠴᠤ ᠠ᠋ ᠨᠠᠷ ᠦᠪᠡᠷᠰᠡᠳ ᠦᠨ ᠨᠤᠮ ᠵᠤᠬᠢᠶᠠᠯ ᠳᠦ ᠪᠡᠨ ᠲᠤᠰ ᠲᠤᠰ ᠳᠤᠷᠠᠳᠤᠭᠰᠠᠨ ᠪᠠᠶᠢᠳᠠᠭ ᠃

ᠤ ᠂ ᠨᠠᠮᠨᠠᠩᠰᠥᠢᠷᠦᠩ ᠭᠤᠸᠠᠢ ᠨᠤᠮ ᠳᠦ ᠪᠡᠨ ᠂ ᠪᠦᠬᠦ ᠪᠠᠷᠢᠭᠰᠠᠨ ᠮᠤᠷᠢᠳ ᠤᠨ ᠬᠠᠮᠤᠭ ᠤᠨ ᠰᠡᠭᠦᠯ ᠦᠨ ᠲᠠᠰᠤᠯᠭᠠᠨ ᠳᠤ ᠤᠷᠤᠭᠰᠠᠨ ᠮᠤᠷᠢᠨ ᠳᠤ︽ᠪᠦᠷᠢᠨ ᠵᠢᠷᠭᠠᠯ︾ᠭᠡᠳᠡᠭ ᠴᠤᠯᠠ ᠦᠭᠳᠡᠭ ᠬᠡᠮᠡᠵᠡᠢ ᠃ ᠦᠪᠦᠷ ᠮᠤᠩᠭᠤᠯ ᠤᠨ ᠡᠷᠳᠡᠮᠲᠡᠨ ᠪ ᠂ ᠸᠠᠩᠵᠢᠯ ︽ᠬᠦᠬᠡ ᠵᠤᠯᠠ︾ ︵ᠮᠤᠩᠭᠤᠯ ᠤᠨ ᠤᠯᠠᠮᠵᠢᠯᠠᠯᠲᠤ ᠠᠮᠢᠳᠤᠷᠠᠯ ᠤᠨ ᠲᠤᠯᠢ︶ ᠨᠤᠮ ᠳᠦ ᠪᠡᠨ ᠬᠠᠮᠤᠭ ᠤᠨ ᠰᠡᠭᠦᠯ ᠳᠦ ᠠᠳᠠᠭ ᠲᠤ ᠤᠷᠤᠭᠰᠠᠨ ᠮᠤᠷᠢᠨ ᠳᠤ ︽ᠠᠯᠲᠠᠨ ᠰᠠᠨᠳᠠᠯᠢ︾ ᠴᠤᠯᠠ ᠦᠭᠭᠦᠨ ᠴᠤᠯᠠᠯᠠᠬᠤ ᠳᠦ ᠪᠡᠨ ᠄

ᠠᠭᠲᠠ ᠶᠢᠨ ᠪᠠᠭᠠᠰᠤ ᠶᠢ

ᠠᠷᠭᠠᠯ ᠪᠤᠯᠲᠠᠯ᠎ᠠ ᠬᠤᠷᠢᠶᠠᠵᠤ

ᠬᠤᠵᠢᠳᠠᠵᠤ ᠢᠷᠡᠭᠰᠡᠨ ᠡᠨᠡ ᠰᠠᠶᠢᠬᠠᠨ ᠮᠤᠷᠢ ᠶᠢ

ᠬᠦᠭᠡᠷᠦᠬᠦᠢ ᠳ᠋ᠠ ᠶᠠᠭᠠᠬᠢᠭᠠᠳ

ᠰᠠᠭᠠᠲᠠᠵᠤ ᠢᠷᠡᠭᠰᠡᠨ ᠭᠡᠪᠡᠯ ᠁ ᠭᠡᠳ ᠴᠤᠯᠠᠯᠠᠵᠤ ᠪᠠᠶᠢᠭ᠎ᠠ ᠨᠢ ᠬᠠᠮᠤᠭ ᠤᠨ ᠰᠡᠭᠦᠯ ᠳᠦ ᠬᠤᠴᠤᠷᠤᠭᠠᠳ ᠰᠠᠵᠢᠯᠠᠵᠤ ᠱᠤᠭᠰᠢᠵᠤ ᠢᠷᠡᠭᠰᠡᠨ ᠬᠡᠷᠡᠭ ᠃ ᠭᠡᠲᠡᠯ᠎ᠡ ᠬᠠᠯᠬ᠎ᠠ ᠶᠢᠨ ᠶᠡᠬᠡᠩᠬᠢ ᠨᠤᠲᠤᠭ ᠲᠤ ᠶᠢᠰᠦ  ᠳᠦ ᠳᠠᠪᠬᠢᠭᠰᠠᠨ ᠮᠤᠷᠢᠨ ᠳᠤ︽ᠠᠯᠲᠠᠨ ᠰᠠᠨᠳᠠᠯᠢ︾ᠴᠤᠯᠠ ᠦᠭᠴᠦ ᠪᠠᠶᠢᠭᠰᠠᠨ ᠲᠤᠬᠠᠢ ᠡᠷᠳᠡᠮᠲᠡᠳ ᠨᠢᠭᠡ ᠪᠢᠰᠢ ᠤᠳᠠᠭ᠎ᠠ ᠳᠤᠷᠠᠳᠴᠡᠢ ᠃ ᠬᠤᠷᠳᠤᠨ ᠮᠤᠷᠢᠨ ᠤ ᠤᠷᠤᠯᠳᠤᠭᠠᠨ ᠤᠯᠠᠨ ᠴᠦᠭᠡᠨ ᠂ ᠨᠠᠭᠠᠳᠤᠮ ᠤᠨ ᠲᠤᠮᠤ ᠵᠢᠵᠢᠭ ᠠᠭᠤᠯᠭ᠎ᠠ ᠠᠴᠠ ᠰᠢᠯᠲᠠᠭᠠᠯᠠᠨ ᠮᠤᠷᠢᠳ ᠢ ᠬᠡᠳᠦ ᠪᠡᠷ ᠲᠠᠰᠤᠯᠠᠨ ᠪᠠᠷᠢᠬᠤ ᠨᠢ ᠶᠠᠩᠵᠤ ᠶᠠᠩᠵᠤ ᠪᠠᠶᠢᠳᠠᠭ ᠃ ᠮᠤᠩᠭᠤᠯᠴᠤᠳ ᠲᠠᠰᠤᠯᠪᠤᠷᠢ ᠪᠤᠯᠭᠠᠨ ᠪᠠᠷᠢᠭᠰᠠᠨ ᠮᠤᠷᠢ ᠪᠠᠨ︽ᠮᠠᠨᠳᠤᠯ ᠮᠤᠷᠢ︾ᠭᠡᠵᠦ ᠨᠡᠷᠡᠯᠡᠭᠡᠳ ᠲᠤᠰᠬᠠᠶᠢᠯᠠᠨ ᠴᠤᠯᠠᠯᠠᠳᠠᠭ ᠪᠠᠶᠢᠵᠡᠢ ᠃ ᠮᠦᠨ ᠡᠶᠢᠮᠦ ᠮᠤᠷᠢ ᠶᠢ ᠤᠸᠠᠳ ᠲᠣᠬᠣᠰᠢ ᠂ ᠤᠳᠬᠠᠨ ᠴᠤᠯᠪᠤᠭᠤᠷ ᠭᠡᠵᠦ ᠨᠡᠷᠡᠯᠡᠳᠡᠭ ᠠᠵᠢ ᠃ ᠮᠠᠨᠳᠤᠯ ᠭᠡᠰᠡᠨ ᠦ ᠲᠤᠬᠠᠢ ᠳᠤ ᠪᠤᠯ ᠤᠰᠤᠨ ᠤ ᠮᠠᠨᠳᠤᠯ ᠂ ᠠᠭᠤᠯᠠ ᠶᠢᠨ ᠮᠠᠨᠳᠤᠯ ᠂ ᠤᠭᠲᠤᠷᠭᠤᠢ ᠶᠢᠨ ᠮᠠᠨᠳᠤᠯ ᠭᠡᠬᠦ ᠵᠡᠷᠭᠡ ᠪᠡᠷ ᠶᠠᠷᠢᠳᠠᠭ ᠨᠢ ᠤᠭ ᠵᠦᠢᠯ ᠦᠨ ᠭᠤᠤᠯ ᠪᠤᠶᠤ ᠲᠦᠪ ᠦᠭᠦᠯᠡᠭᠰᠡᠨ ᠰᠠᠨᠠᠭ᠎ᠠ ᠶᠤᠮ ᠃ ᠡᠭᠦᠨ ᠲᠡᠢ ᠬᠠᠷᠢᠴᠠᠭᠤᠯᠬᠤ ᠳᠤ ︽ᠮᠠᠨᠳᠤᠯ ᠮᠤᠷᠢ︾ ᠨᠢ ᠪᠠᠷᠢᠶᠠᠨ ᠳᠤ ᠤᠷᠤᠭᠰᠠᠨ ᠡᠬᠢᠨ ᠦ  ᠮᠤᠷᠢ ᠂ ᠪᠠᠷᠢᠶᠠᠨ ᠳᠤ ᠤᠷᠤᠭᠠᠳᠦᠢ ᠰᠡᠭᠦᠯᠴᠢ ᠶᠢᠨ ᠬᠡᠰᠡᠭ ᠮᠤᠷᠢᠳ ᠢ ᠲᠡᠶᠢᠨ ᠬᠦ ︽ᠮᠠᠨᠳᠤᠯ︾ ᠬᠡᠮᠡᠨ ᠨᠡᠷᠡᠯᠡᠵᠡᠢ ᠃

 ᠡᠨᠡ ᠮᠤᠷᠢ ᠪᠠᠷᠢᠶᠠᠨ ᠳᠤ ᠤᠷᠤᠭᠰᠠᠨ ᠪᠦᠬᠦ ᠮᠤᠷᠢᠳ ᠤᠨ ᠰᠡᠭᠦᠯᠴᠢ ᠪᠤᠯᠠᠪᠠᠴᠤ ᠨᠦᠭᠦᠭᠡ ᠲᠠᠯ᠎ᠠ ᠪᠠᠷ ᠪᠠᠷᠢᠶᠠᠨ ᠳᠤ ᠤᠷᠤᠭᠠᠳᠦᠢ ᠰᠡᠭᠦᠯᠴᠢ ᠶᠢᠨ ᠮᠤᠷᠢᠳ ᠤᠨ ᠡᠮᠦᠨᠡᠬᠢ ᠪᠤᠯᠵᠤ ᠪᠠᠶᠢᠭ᠎ᠠ ᠪᠠᠷ  ᠢᠶᠠᠨ ᠠᠵᠠ ᠵᠠᠪᠰᠢᠶᠠᠨ ᠲᠠᠢ ᠬᠡᠷᠡᠭ ᠶᠤᠮ ᠃ ᠡᠶᠢᠮᠦ ᠡᠴᠡ ᠤᠭ ᠮᠤᠷᠢ ᠶᠢ ᠪᠡᠯᠭᠡᠰᠢᠶᠠᠨ ᠲᠤᠰᠬᠠᠶᠢᠯᠠᠨ ᠴᠤᠯᠠᠯᠠᠳᠠᠭ ᠵᠠᠩᠰᠢᠯ ᠲᠠᠢ ᠲᠤᠬᠠᠢ ᠡᠷᠳᠡᠮᠲᠡᠨ ᠤ ᠂ ᠵᠠᠭᠳᠠᠰᠦᠶᠷᠦᠩ ︵︽ᠮᠤᠩᠭᠤᠯ ᠠᠷᠠᠳ ᠤᠨ ᠮᠠᠭᠲᠠᠭᠠᠯ︾ᠠᠮᠠᠨ ᠵᠤᠬᠢᠶᠠᠯ ᠰᠤᠳᠤᠯᠤᠯ-7 ᠳ᠋ᠤᠭᠠᠷ ᠪᠤᠲᠢ ᠂ ᠤᠯᠠᠭᠠᠨᠪᠠᠭᠠᠲᠤᠷ ᠬᠤᠲᠠ ᠂1969︶ ᠪᠢᠴᠢᠵᠡᠢ ᠃ ᠡᠨᠡ ᠮᠡᠲᠦ ᠮᠡᠷ ᠰᠡᠷ ᠪᠤᠰᠤᠳ ᠦᠭᠦᠯᠡᠯ ᠂ ᠨᠡᠶᠢᠲᠡᠯᠡᠯ ᠳᠦ ᠮᠤᠷᠢᠨ ᠤ ᠴᠤᠯᠠᠨ ᠤ ᠲᠤᠬᠠᠢ ᠳᠤᠷᠠᠳᠤᠭᠰᠠᠨ ᠪᠠᠶᠢᠯ᠎ᠠ ᠴᠦ ᠲᠡᠷᠡ ᠴᠢᠭ ᠪᠦᠬᠦᠯᠢ ᠳᠦ ᠪᠡᠨ ᠠᠩᠬᠠᠷᠠᠨ ᠰᠤᠳᠤᠯᠤᠭᠰᠠᠨ ᠨᠢ ᠦᠭᠡᠢ ᠪᠠᠶᠢᠪᠠ ᠃ ᠭᠡᠲᠡᠯ᠎ᠡ ᠡᠷᠳᠡᠮᠲᠡᠨ ᠵᠤᠬᠢᠶᠠᠯᠴᠢ ᠯ ᠂ ᠲᠦᠳᠦᠪ︽ᠳᠠᠯᠤ︾ᠰᠤᠨᠢᠨ ᠤ ᠪᠠᠨ ︵︽ᠳᠠᠯᠤ︾ 1997№6) ᠡᠷᠬᠢᠮᠰᠦᠭ ᠬᠠᠭᠤᠳᠠᠰᠤᠨ ᠳᠤ︽ᠴᠤᠯᠠ ᠪᠠᠨ ᠬᠠᠰᠤᠭᠤᠯᠪᠠᠴᠤ ᠬᠤᠷᠳᠤ ᠪᠠᠨ ᠰᠠᠭᠠᠷᠠᠭᠤᠯᠤᠭ᠎ᠠ ᠦᠭᠡᠢ ᠮᠤᠷᠢᠳ ᠮᠢᠨᠤ ᠵᠠ︾ᠭᠡᠰᠡᠨ ᠨᠢᠭᠡᠨ ᠰᠤᠨᠢᠷᠬᠠᠯᠲᠠᠢ ᠦᠭᠦᠯᠡᠯ ᠭᠠᠷᠭᠠᠪᠠ ᠃ ᠦᠭᠦᠯᠡᠯ ᠳᠦ ᠪᠡᠨ ᠳᠤᠯᠤᠭᠠᠨ ᠬᠤᠰᠢᠭᠤ ᠨᠠᠭᠠᠳᠤᠮ ᠤᠨ ᠬᠤᠷᠳᠤᠨ ᠬᠦᠯᠦᠭ ᠦᠳ ᠲᠦ ᠬᠠᠶᠢᠷᠠᠯᠠᠨ ᠤᠯᠭᠤᠵᠤ ᠪᠠᠶᠢᠭᠰᠠᠨ ᠬᠠᠭᠤᠴᠢᠨ ᠤ ᠨᠢᠭᠡᠨ ᠡᠷᠭᠦᠮᠵᠢᠯᠡᠯ ᠦᠨ ᠬᠠᠭᠤᠳᠠᠰᠤᠨ ᠤ ᠡᠬᠡ ᠶᠢ ᠬᠠᠪᠰᠠᠷᠭᠠᠨ ᠬᠤᠷᠳᠤᠨ ᠬᠦᠯᠦᠭ ᠮᠤᠷᠢᠳ ᠤᠨ ᠡᠬᠢᠨ ᠦ ᠬᠤᠷᠢᠨ ᠨᠢᠭᠡᠨ ᠮᠤᠷᠢᠨ ᠳᠤ ᠴᠤᠯᠠ ᠤᠯᠭᠤᠵᠤ ᠪᠠᠶᠢᠭᠰᠠᠨ ᠢ ᠰᠤᠨᠢᠷᠬᠠᠯᠲᠠᠢ ᠪᠠᠷ ᠪᠢᠴᠢᠵᠡᠢ ᠃ ᠨᠢᠭᠡᠨ ᠤᠳᠠᠭ᠎ᠠ ᠯ ᠂ ᠲᠦᠳᠦᠪ ︽ᠳᠠᠯᠤ︾ ᠰᠤᠨᠢᠨ ᠶᠢᠠᠨ ᠦᠭᠬᠦ ᠳᠦ ᠪᠡᠨ ᠄ ᠳᠡᠭᠡᠷᠡᠬᠢ

- ᠴᠢ ᠬᠦ ᠮᠤᠷᠢᠨ ᠤ ᠲᠤᠬᠠᠢ ᠵᠢᠭᠠᠯ ᠵᠢᠭᠤᠯ ᠶᠠᠭᠤᠮ᠎ᠠ ᠤᠷᠤᠯᠳᠤᠳᠠᠭ ᠬᠦᠮᠦᠨ ᠮᠢᠨᠤ ᠪᠢᠴᠢᠭᠰᠡᠨ ᠢ ᠠᠩᠵᠠᠭᠠᠷᠠᠭᠠᠷᠠᠢ ︵ᠳᠡᠭᠡᠷᠡᠬᠢ ᠦᠭᠦᠯᠡᠯ ᠢ ᠬᠡᠯᠡᠪᠡ︶ ᠠᠷᠪᠠᠨ ᠳᠤᠯᠤᠭ᠎ᠠ ᠳᠤ ᠢᠷᠡᠭᠰᠡᠨ ᠮᠤᠷᠢᠨ ᠳᠤ︽ᠭᠠᠩᠳᠠᠷ ︾ᠭᠡᠳᠡᠭ ᠴᠤᠯᠠ ᠬᠠᠶᠢᠷᠠᠯᠠᠵᠤ ᠪᠠᠶᠢᠵᠤ ᠃︽ᠭᠠᠩᠳᠠᠷ︾ ᠭᠡᠵᠦ ᠶᠠᠭᠤ ᠭᠡᠰᠡᠨ ᠴᠢ ᠮᠡᠳᠡᠬᠦ ᠤᠤ ᠭᠡᠬᠦ ᠳᠦ ᠨᠢ ᠪᠢ ᠦᠭᠡᠢ ᠭᠡᠵᠦ ᠲᠤᠯᠤᠭᠠᠢ ᠰᠡᠭᠰᠦᠷᠪᠡ ᠃ ᠡᠨᠡ ᠦᠭᠡ ᠶᠢ ᠮᠡᠳᠡᠬᠦ ᠬᠡᠷᠡᠭᠲᠡᠢ ᠭᠡᠵᠦ ᠬᠡᠯᠡᠬᠦ ᠳᠦ ᠪᠡᠨ ᠨᠠᠳᠤᠷ ᠳᠠᠭᠠᠭᠠᠯᠭᠠᠪᠤᠷᠢ ᠦᠭᠬᠦ ᠮᠠᠶ᠋ᠢᠭ ᠲᠠᠢ ᠠᠶᠠᠯᠭ᠎ᠠ ᠪᠠᠷ ᠳᠤᠤᠭᠠᠷᠪᠠ ᠃ ᠪᠢ ᠡᠨᠡ ᠦᠭᠡ ᠶᠢ ᠮᠡᠳᠡᠬᠦ ᠬᠡᠷᠡᠭᠲᠡᠢ ᠪᠤᠯᠤᠯ᠎ᠠ ᠭᠡᠵᠦ ᠤᠶᠢᠯᠠᠭᠠᠪᠠ ᠃ ᠮᠢᠨᠤ ᠬᠦᠴᠦᠨ ᠮᠡᠬᠦᠰᠳᠡᠭᠰᠡᠨ ᠤᠴᠢᠷ ᠡᠷᠳᠡᠮᠲᠡᠨ ᠨᠦᠬᠦᠳ ᠲᠦ ᠬᠠᠨᠳᠤᠯ᠎ᠠ ᠃ ᠦᠭᠡ ᠶᠢᠨ ᠲᠠᠶᠢᠯᠪᠤᠷᠢ ᠶᠢ ᠮᠦᠨ ᠠᠷᠤ ᠳᠤ ᠨᠢ ᠬᠠᠪᠰᠤᠷᠭᠠᠯᠠ ᠃ ᠮᠤᠷᠢᠨ ᠤ ᠴᠤᠯᠠᠨ ᠤ ᠲᠤᠬᠠᠢ ᠶᠠᠷᠢᠵᠤ ᠪᠠᠶᠢᠭ᠎ᠠ ᠪᠤᠯᠬᠤ ᠪᠠᠷ ᠮᠦᠨ ᠡᠨᠳᠡ ᠨᠢᠭᠡᠨ ᠤᠷᠠᠨ ᠢᠷᠠᠭᠤ ᠬᠡᠯᠡᠯᠭᠡ ᠲᠡᠢ ᠬᠡᠲᠦ ᠦᠵᠡᠯ ᠰᠤᠷᠲᠠᠯ ᠨᠤᠶᠠᠷᠬᠠᠭᠰᠠᠨ ᠦᠶ᠎ᠡ ᠳᠦ ᠡᠨᠳᠡ ᠲᠡᠨᠳᠡ ᠡᠴᠡ ᠪᠡᠨ ᠲᠠᠨᠤᠭᠳᠠᠨ ᠤᠷᠬᠢᠭᠳᠠᠭ᠎ᠠ ᠦᠭᠡᠢ ᠬᠤᠷᠳᠤᠨ ᠬᠦᠯᠦᠭ ᠦᠨ ᠴᠤᠯᠠ ᠤᠷᠤᠭᠤᠯᠵᠤ ᠪᠠᠶᠢᠨ᠎ᠠ ᠃ ᠡᠨᠡᠬᠦ ᠮᠤᠷᠢᠨ ᠤ ᠴᠤᠯᠠ ᠶᠢ ᠬᠠᠭᠤᠴᠢᠨ ᠰᠡᠴᠡᠨᠬᠠᠨ ᠠᠶᠢᠮᠠᠭ ᠤᠨ ᠬᠠᠷᠠᠳᠡᠯ ᠵᠠᠩᠵᠤᠨ ᠪᠡᠶᠢᠰᠡ ᠬᠤᠰᠢᠭᠤᠨ ᠤ ᠠᠷᠠᠳ ︵ᠤᠳᠤ ᠶᠢᠨ ᠬᠡᠨᠲᠡᠢ ᠠᠶᠢᠮᠠᠭ ᠤᠨ ᠭᠠᠯ ᠰᠢᠷ᠎ᠠ ᠰᠤᠮᠤ ᠶᠢᠨ ᠬᠠᠷᠢᠶᠠᠲᠤ︶ ᠠᠯᠳᠠᠷᠲᠤ ᠤᠶᠠᠭᠠᠴᠢ ᠳᠤᠨᠤᠢ ᠶᠢᠨ ᠴᠡᠪᠡᠭᠮᠢᠳ ᠭᠤᠸᠠᠢ ᠶᠢ ᠨᠠᠶᠠ ᠭᠠᠷᠤᠢ ᠨᠠᠰᠤᠲᠠᠢ ᠪᠠᠶᠢᠬᠤ ᠳᠤ ᠨᠤᠲᠤᠭ ᠲᠤ ᠨᠢ ᠤᠴᠢᠵᠤ ᠰᠤᠷᠢᠨᠵᠢᠨ ᠬᠠᠯᠢᠰᠤᠨ ᠳᠤ ᠰᠡᠶᠢᠷᠡᠭᠦᠯᠦᠨ ᠪᠠᠭᠤᠯᠭᠠᠵᠤ ᠵᠡᠭᠦᠯᠳᠡ ᠲᠠᠶᠢᠯᠪᠤᠷᠢ ᠬᠢᠪᠡ ᠃

ᠡᠨᠡ ᠮᠤᠷᠢᠨ ᠤ ᠡᠷᠳᠡᠮ ᠰᠢᠨᠵᠢ ᠴᠤᠯᠠ ᠭᠡᠪᠡᠯ

ᠰᠠᠷᠠᠨ ᠰᠢᠬᠦᠷ ᠳᠡᠯ ᠲᠡᠢ

ᠰᠠᠮᠢᠳ ᠤᠨ ᠵᠢᠭᠠᠰᠤᠨ ᠨᠢᠳᠦ ᠲᠡᠢ

ᠰᠠᠨᠰᠠᠷ ᠤᠨ ᠬᠤᠷᠳᠤᠨ ᠲᠤᠭᠤᠷᠠᠢ ᠲᠠᠢ

ᠰᠠᠶᠢᠬᠠᠨ ᠲᠤᠭᠤᠰ ᠤᠨ ᠰᠡᠭᠦᠯ ᠲᠡᠢ

ᠴᠠᠭᠠᠨ ᠯᠠᠪᠠᠢ ᠶᠢᠨ ᠦᠩᠭᠡ ᠲᠡᠢ

ᠵᠠᠩᠭᠢᠯᠠᠮᠠᠯ ᠤᠨ ᠴᠡᠭᠡᠵᠢ ᠲᠡᠢ

ᠦᠯᠵᠡᠢ ᠤᠲᠠᠰᠤᠨ ᠭᠡᠳᠡᠰᠦ ᠲᠡᠢ

ᠠᠭᠠᠷᠤ ᠂ ᠴᠦᠦᠶᠦ ᠂ ᠽᠠᠨᠳᠠᠨ ᠭᠤᠷᠪᠠᠨ ᠤᠶᠠᠭ᠎ᠠ ᠲᠠᠢ

ᠠᠷᠰᠯᠠᠨ ᠂ ᠵᠠᠭᠠᠨ ᠂ ᠭᠠᠷᠤᠳᠢ ᠭᠤᠷᠪᠠᠨ ᠰᠢᠨᠵᠢ ᠲᠡᠢ

ᠠᠮᠠᠷᠭᠤᠨ ᠂ ᠬᠤᠯᠠᠨ ᠂ ᠴᠢᠭᠲᠢ ᠬᠦᠯᠭᠡ ᠭᠤᠷᠪᠠᠨ ᠢᠵᠢᠯᠢ ᠲᠡᠢ

ᠬᠦᠪᠳᠦ ᠂ ᠲᠠᠭᠠᠨ᠎ᠠ ᠂ ᠠᠭᠢ ᠭᠤᠷᠪᠠᠨ ᠢᠳᠡᠰᠢ ᠲᠡᠢ

ᠬᠦᠢᠲᠡᠨ ᠂ ᠰᠢᠷᠦᠭᠦᠨ ᠂ ᠵᠢᠪᠠᠷ ᠭᠤᠷᠪᠠᠨ ᠰᠤᠶᠢᠯᠭ᠎ᠠ ᠲᠠᠢ

ᠬᠦᠨᠳᠡᠢ ᠂ ᠳᠠᠪᠠᠭ᠎ᠠ ᠂ ᠬᠦᠲᠦᠯ ᠭᠤᠷᠪᠠᠨ ᠳᠠᠪᠬᠢᠯ ᠲᠠᠢ

ᠬᠦᠷᠦᠰᠦ ᠳᠡᠯᠡᠬᠡᠢ ᠶᠢᠨ ᠪᠤᠳᠤᠩ ᠳᠤ

ᠬᠦᠭᠵᠢᠯ ᠲᠡᠢ ᠨᠠᠭᠠᠳᠤᠮ ᠤᠨ ᠮᠠᠩᠨᠠᠢ ᠬᠦᠭᠡᠷᠦᠬᠦᠨ ᠮᠤᠷᠢᠨ ᠬᠦᠯᠦᠭ ᠡ ︕

ᠡᠨᠡ ᠡ? ᠮᠤᠷᠢᠨ ᠤ ᠳᠡᠭᠡᠳᠦ ᠶᠢᠨ ᠡᠪᠦᠭᠡ

ᠡᠷ᠎ᠡ ᠬᠤᠶᠠᠷ ᠵᠠᠭᠠᠯ ᠤᠨ ᠰᠢᠨᠵᠢ ᠲᠡᠢ

ᠳᠡᠯᠡᠬᠡᠢ ᠶᠢᠨ ᠶᠡᠬᠡ ᠪᠦᠮᠪᠦᠷᠴᠡᠭ ᠢ

ᠬᠠᠷᠠᠶᠢᠨ ᠦᠩᠭᠡᠷᠡᠮᠡᠷ ᠪᠠᠶᠢᠳᠠᠯ ᠲᠠᠢ

ᠳᠡᠯ ᠰᠡᠭᠦᠯ ᠨᠢ ᠬᠡᠶᠢᠰᠪᠡᠯ

ᠳᠡᠯᠡᠬᠡᠢ ᠳᠠᠬᠢᠨ ᠨᠢᠭᠡᠳᠦᠮᠡᠷ

ᠳᠡᠪᠬᠡᠷᠬᠦ ᠲᠤᠭᠤᠷᠠᠢ ᠨᠢ ᠬᠠᠩᠭᠢᠨᠠᠪᠠᠯ

ᠳᠤᠭᠰᠢᠨ ᠳᠠᠶᠢᠰᠤᠨ ᠢ ᠳᠠᠷᠤᠮᠠᠷ

ᠠᠯᠠᠭ ᠬᠤᠶᠠᠷ ᠨᠢᠳᠦ ᠨᠢ

ᠴᠠᠬᠢᠯᠭᠠᠨ ᠮᠡᠲᠦ ᠭᠢᠯᠪᠠᠯᠵᠠᠵᠤ

ᠠᠯᠲᠠᠨ ᠳᠦᠷᠪᠡᠨ ᠲᠤᠭᠤᠷᠠᠢ ᠨᠢ

ᠰᠡᠯᠡᠮ᠎ᠡ ᠮᠡᠲᠦ ᠬᠠᠩᠭᠢᠨᠠᠵᠤ

ᠠᠮᠠᠨ ᠤ ᠳᠤᠲᠤᠷ᠎ᠠ ᠠᠴᠠ

ᠵᠠᠭᠠᠨ ᠤ ᠰᠤᠶᠤᠭ᠎ᠠ ᠴᠤᠬᠤᠯᠵᠠᠵᠤ

ᠠᠷᠤ ᠲᠠᠯ᠎ᠠ ᠠᠴᠠ ᠨᠢ

ᠠᠭᠠᠷ ᠤᠨ ᠲᠤᠭᠤᠰᠤ ᠪᠤᠰᠤᠭᠰᠠᠨ

ᠲᠦᠪᠰᠢᠨ ᠰᠠᠶᠢᠬᠠᠨ ᠲᠦᠷᠦ ᠶᠢᠨ ᠨᠠᠶᠢᠷ᠎

ᠲᠦᠮᠡᠨ ᠠᠷᠠᠳ ᠤᠨ ᠨᠠᠭᠠᠳᠤᠮ ᠳᠤ

ᠭᠤᠴᠢᠨ ᠬᠣᠶᠠᠷ ᠴᠢᠪᠬᠠᠳᠠᠯ ᠢᠶᠠᠷ

ᠭᠤᠸ᠎ᠠ ᠰᠠᠶᠢᠬᠠᠨ ᠬᠥᠯ ᠦᠨ ᠬᠥᠳᠡᠯᠦᠯ ᠢᠶᠡᠷ

ᠬᠤᠷ᠎ᠠ ᠰᠠᠶᠢᠬᠠᠨ ᠳᠡᠯ ᠢᠶᠠᠨ ᠬᠤᠶᠢᠯᠠᠷᠠᠭᠤᠯᠤᠨ ᠬᠡᠶᠢᠰᠭᠡᠵᠦ

ᠬᠤᠷᠴᠠ ᠳᠥᠷᠪᠡᠨ ᠲᠤᠭᠤᠷᠠᠢ ᠪᠠᠨ ᠮᠢᠷᠠᠯᠵᠠᠭᠤᠯᠤᠨ

ᠲᠦᠮᠡᠨ ᠬᠦᠯᠦᠭ ᠦᠨ ᠳᠤᠮᠳᠠ ᠠᠴᠠ

ᠲᠡᠭᠦᠨ ᠦ ᠮᠠᠩᠯᠠᠢ ᠳᠤ

ᠲᠦᠷᠦᠭᠦᠯᠡᠵᠦ ᠳᠡᠭᠳᠡᠵᠦ

ᠡᠵᠡᠨ ᠠᠷᠠᠳ ᠢ ᠪᠠᠶᠠᠷᠯᠠᠭᠤᠯᠤᠨ

ᠡᠩ ᠦᠨ ᠠᠷᠠᠳ ᠢ ᠰᠣᠨᠢᠷᠬᠠᠭᠤᠯᠤᠨ

ᠡᠷ᠎ᠡ ᠮᠣᠷᠢᠨ ᠤ ᠴᠢᠳᠠᠯ ᠢ ᠢᠯᠡᠷᠬᠡᠶᠢᠯᠡᠭᠴᠢ

ᠡᠷᠲᠡᠨ ᠦ ᠲᠣᠨᠵᠢ ᠭᠠᠷᠮᠠᠭᠠᠢ

ᠲᠣᠳᠣ ᠰᠠᠨᠠᠭᠰᠠᠭᠠᠷ

ᠰᠣᠨᠢᠨ ᠪᠠᠭᠲᠠᠭᠠᠳ ᠢᠷᠡᠳᠡᠭ

ᠲᠦᠮᠡᠨ ᠶᠡᠬᠡ

ᠲᠦᠮᠡᠨ ᠨᠠᠰᠤᠲᠤ

ᠲᠥᠪ ᠢᠳᠡᠷ ᠬᠤᠷᠳᠤᠨ ᠬᠦᠯᠦᠭ ᠡ

ᠡᠨᠡ ᠪᠣᠯ

ᠲᠡᠪᠡᠷᠢ ᠲᠡᠪᠡᠷᠢ ᠠᠯᠬᠤᠭ᠎ᠠ ᠲᠠᠢ

ᠲᠡᠪᠡᠭᠡᠨ ᠬᠥᠭᠡᠷᠦᠬᠦᠨ ᠬᠥᠬᠥᠯ ᠲᠠᠢ

ᠲᠡᠭᠰᠢ  ︵ᠦᠭᠡᠢ︶  ᠶᠠᠩᠵᠤ ᠶᠢᠨ ᠪᠠᠶᠢᠳᠠᠯ ᠲᠠᠢ

ᠪᠡᠳᠡᠷᠢ ᠪᠡᠳᠡᠷᠢ ᠠᠯᠬᠤᠭ᠎ᠠ ᠲᠠᠢ

ᠪᠢᠷ ᠦᠨ ᠰᠠᠶᠢᠬᠠᠨ ᠰᠡᠭᠦᠯ ᠲᠠᠢ

ᠮᠣᠯᠭᠣᠢ ᠬᠡᠦᠬᠡᠳ ᠢᠶᠡᠷ ᠤᠨᠤᠭᠤᠯᠤᠮ᠎ᠠ ᠦᠭᠡᠢ

ᠮᠤᠬᠤᠷ ᠲᠠᠰᠢᠭᠤᠷ ᠢᠶᠠᠷ ᠭᠤᠶᠠᠳᠠᠭᠤᠯᠤᠮ᠎ᠠ ᠦᠭᠡᠢ

ᠬᠠᠩᠬᠠᠢ ᠡᠮᠡᠭᠡᠯ ᠲᠣᠬᠣᠯᠤᠮ᠎ᠠ ᠦᠭᠡᠢ

ᠬᠠᠶᠢᠷᠠᠭ ᠡᠷ᠎ᠡ ᠳᠦ ᠤᠨᠤᠭᠤᠯᠤᠮ᠎ᠠ ᠦᠭᠡᠢ

ᠤᠳᠤᠮ ᠢᠶᠠᠨ ᠳᠠᠭᠠᠭᠠᠳ ᠬᠤᠷᠳᠤᠯᠠᠳᠠᠭ

ᠤᠶᠠᠭ᠎ᠠ ᠨᠢ ᠲᠠᠭᠠᠷᠠᠭᠠᠳ ᠭᠦᠶᠦᠳᠡᠭ

ᠬᠦᠨᠳᠡᠢ ᠰᠠᠶᠢᠬᠠᠨ ᠴᠡᠭᠡᠵᠢ ᠲᠠᠢ

ᠬᠥᠭᠡᠷᠦᠬᠦᠨ ᠰᠠᠶᠢᠬᠠᠨ ᠪᠡᠶ᠎ᠡ ᠲᠠᠢ

ᠲᠠᠯ᠎ᠠ ᠶᠢᠨ ᠲᠣᠭᠣᠰᠣ ᠶᠢ ᠬᠥᠳᠡᠯᠭᠡᠵᠦ

ᠨᠠᠭᠠᠳᠤᠮ ᠤᠨ ᠠᠷᠠᠳ ᠢ ᠰᠣᠨᠢᠷᠬᠠᠭᠤᠯᠤᠨ

ᠣᠯᠠᠨ ᠮᠣᠷᠢᠳ ᠤᠨ ᠳᠣᠲᠣᠷ᠎ᠠ ᠠᠴᠠ

ᠣᠨᠴᠠᠭᠠᠶᠢᠯᠠᠨ ᠬᠤᠷᠳᠤᠯᠠᠭᠰᠠᠨ

ᠪᠠᠶᠠᠷ ᠤᠨ ᠮᠠᠩᠨᠠᠢ

ᠪᠠᠲᠤ ᠲᠥᠷᠥ ᠶᠢᠨ ᠢᠳᠡᠷ ᠬᠤᠷᠳᠤᠨ ᠬᠦᠯᠦᠭ ᠡ ︕ ᠭᠡᠵᠡᠢ ᠃ ᠲᠦᠷᠦᠭᠦᠦ ᠮᠣᠷᠢᠨ ᠤ ᠡᠨᠡᠬᠦ ᠴᠤᠯᠠ ᠶᠢ ᠬᠠᠯᠬ᠎ᠠ ᠶᠢᠨ ᠬᠠᠷᠠᠳᠠᠯ ᠵᠠᠩᠵᠤᠨ ᠪᠠᠶᠢᠰᠠ ᠶᠢᠨ ᠬᠤᠰᠢᠭᠤᠨ ᠳᠤ ᠡᠷᠲᠡᠨ ᠡᠴᠡ ᠨᠠᠭᠠᠰᠢ ᠳᠠᠭᠤᠳᠠᠨ ᠢᠷᠡᠭᠰᠡᠨ ᠶᠤᠮ ᠂ ᠤᠤᠯ ᠴᠤᠯᠠ ᠳᠤ ᠬᠤᠷᠳᠤᠨ ᠮᠣᠷᠢᠨ ᠤ ᠭᠠᠳᠠᠷ ᠪᠣᠯᠣᠭᠠᠳ ᠳᠣᠲᠣᠷ ᠰᠢᠨᠵᠢ ᠤᠳᠤᠮ ᠤᠭᠰᠢᠯ ᠤᠨ ᠪᠠᠶᠢᠳᠠᠯ ᠂ ᠤᠶᠠᠭ᠎ᠠ ᠰᠣᠶᠢᠯᠭ᠎ᠠ ᠶᠢᠨ ᠭᠠᠵᠠᠷ ᠣᠷᠣᠨ ᠤ ᠡᠷᠬᠢᠮ ᠂ ᠡᠷᠲᠡᠨ ᠦ ᠶᠡᠬᠡ ᠬᠦᠴᠦᠷᠬᠡᠭ ᠳᠡᠭᠡᠳᠦᠰ ᠦᠨ ᠢᠶᠡᠨ ᠡᠷᠡᠮᠡᠬᠡᠢ ᠶᠢ ᠬᠦᠯᠦᠭ ᠡᠷᠳᠡᠨᠢ ᠲᠠᠢ ᠪᠠᠨ ᠮᠠᠭᠲᠠᠨ ᠣᠷᠤᠭᠤᠯᠤᠭᠰᠠᠨ ᠨᠢ ᠡᠨᠡ ᠴᠠᠭ ᠲᠤ ᠴᠢᠳᠠᠨ ᠶᠠᠳᠠᠨ ᠬᠡᠯᠡᠵᠦ ᠪᠠᠶᠢᠭ᠎ᠠ ᠣᠷᠣ ᠨᠡᠷ᠎ᠡ ᠶᠢᠨ ᠲᠡᠳᠦᠢ ᠴᠤᠯᠠ ᠠᠴᠠ ᠶᠡᠬᠡᠭᠡᠬᠡᠨ ᠥᠭᠡᠷ᠎ᠡ ᠲᠡᠳᠦᠢ ᠦᠭᠡᠢ ᠂ ᠠᠮᠠᠨ ᠵᠣᠬᠢᠶᠠᠯ ᠤᠨ ᠡᠮᠬᠢᠳᠬᠡᠯ ᠨᠣᠮ ᠂ ᠲᠣᠪᠬᠢᠮᠠᠯ ᠲᠡᠷᠢᠭᠦᠲᠡᠨ ᠳᠦ ᠬᠠᠰᠤᠭᠳᠠᠨ ᠲᠠᠨᠤᠭᠳᠠᠨ ᠂ ᠡᠳᠦᠭᠡᠴᠢᠯᠡᠭᠳᠡᠨ ᠬᠤᠪᠢᠷᠠᠭᠰᠠᠨ ᠴᠤᠯᠠ ᠨᠤᠭᠤᠳ ᠠᠴᠠ ᠪᠠᠰᠢᠷ ᠢᠯᠡᠭᠦᠦ ᠪᠡᠷ ᠢᠯᠭᠠᠮᠵᠢ ᠲᠠᠢ ᠶᠢ ᠬᠣᠶᠢᠴᠢ ᠦᠶ᠎ᠡ ᠶᠢᠨ ᠡᠷᠳᠡᠮᠲᠦ ᠬᠦᠪᠡᠭᠦᠳ ᠂ ᠮᠣᠷᠢᠨ ᠤ ᠴᠤᠯᠠ ᠰᠤᠳᠤᠯᠤᠭᠠᠴᠢᠨ ᠤᠷᠠᠨ ᠬᠣᠭᠣᠯᠠᠶᠢᠲᠠᠨ ᠨᠤᠭᠤᠳ ᠠᠩᠬᠠᠷᠤᠨ ᠰᠣᠨᠢᠷᠬᠠᠪᠠᠯ ᠬᠡᠷᠡᠭ ᠲᠤᠰᠠ ᠪᠣᠯᠬᠤ ᠪᠤᠶᠤ ᠃

ᠲᠠᠶᠢᠯᠪᠤᠷᠢ ᠄

ᠭᠠᠨᠳᠠᠷ ᠭᠡᠵᠦ ᠶᠠᠭᠤ ᠭᠡᠰᠡᠨ ᠦᠭᠡ ᠪᠤᠢ ︖

ᠡᠨᠡᠳᠬᠡᠭ ᠂ ᠲᠦᠪᠡᠳ ᠦᠨ ᠡᠷᠲᠡᠨ ᠦ ᠤᠷᠠᠨ ᠵᠣᠬᠢᠶᠠᠯ ᠳᠠᠬᠢ ᠵᠠᠷᠢᠮ ᠨᠢᠭᠡᠨ ᠰᠠᠮᠭᠠᠷᠳᠢ ᠬᠡᠯᠡᠨ ᠦ ᠦᠭᠡ ᠦᠭᠦᠯᠡᠪᠦᠷᠢ ᠥᠨᠥ ᠬᠦᠷᠲᠡᠯ᠎ᠡ ᠮᠣᠩᠭᠣᠯ ᠤᠨ ᠠᠷᠠᠳ ᠲᠦᠮᠡᠨ ᠦ ᠦᠭᠡ ᠶᠠᠷᠢᠶᠠᠨ ᠳᠤ ᠣᠷᠬᠢᠭᠳᠠᠯ ᠦᠭᠡᠢ ᠬᠡᠷᠡᠭᠯᠡᠭᠳᠡᠭᠰᠡᠭᠡᠷ ᠢᠷᠡᠵᠡᠢ ᠃ ᠡᠭᠦᠨ ᠦ ᠨᠢᠭᠡ ᠨᠢ︽ᠭᠠᠨᠳᠠᠷ︾ ᠭᠡᠰᠡᠨ ᠦᠭᠡ ᠶᠤᠮ ᠃ ᠭᠠᠨᠳᠠᠷ ᠤᠨ ᠪᠠᠯᠭᠠᠳ ᠂ ᠭᠠᠨᠳᠠᠷ ᠤᠨ ᠡᠭᠡᠰᠢᠭ ᠂ ᠭᠠᠨᠳᠠᠷ ᠤᠨ ᠬᠦᠯᠦᠭ ᠭᠡᠬᠦ ᠵᠡᠷᠭᠡ ᠪᠡᠷ ᠭᠠᠨᠳᠠᠷ ᠭᠡᠳᠡᠭ ᠦᠭᠡ ᠣᠯᠠᠨᠲᠠ ᠲᠠᠭᠠᠷᠠᠯᠳᠤᠨ᠎ᠠ ᠃ ᠪᠤᠷᠬᠠᠨ ᠤ ᠱᠠᠰᠢᠨ ᠤ ᠨᠣᠮᠯᠠᠯ ᠳᠤ ᠭᠠᠨᠳᠠᠷ ᠤᠨ ᠶᠢᠷᠲᠢᠨᠴᠦ ᠭᠡᠵᠦ ᠪᠠᠶᠢᠳᠠᠭ ᠃ ᠡᠨᠡ ᠶᠣᠰᠣᠭᠠᠷ ᠪᠣᠯ ᠬᠠᠮᠤᠭ ᠤᠨ ᠢᠷᠠᠭᠤ ᠡᠭᠡᠰᠢᠭᠲᠦ ᠂ ᠬᠠᠮᠤᠭ ᠤᠨ ᠦᠵᠡᠰᠬᠦᠯᠡᠩᠲᠦ ᠬᠣᠲᠠ ᠶᠢᠨ ᠳᠦᠷᠰᠦᠯᠡᠯ ᠪᠣᠯᠣᠨ᠎ᠠ ᠃