     
    
2019-08-04

ᠡᠷᠲᠡ ᠤᠷᠢᠳᠦ ᠴᠠᠭ ᠲᠤ ᠴᠤᠤᠲᠤ ᠶᠢᠨ ᠴᠠᠭᠠᠭᠴᠢ ᠭᠡᠭᠦᠦ ᠭᠡᠵᠦ ᠪᠠᠶᠢᠵᠡᠢ ᠃ ᠲᠡᠷᠡ ᠴᠤᠯᠮᠤᠨ ᠴᠤᠬᠤᠷ ᠤᠨᠠᠭ᠎ᠠ ᠲᠠᠢ ᠳᠠᠯᠠᠨ ᠬᠤᠯᠠᠭᠴᠢ ᠭᠡᠭᠦᠦ ᠲᠡᠢ ᠂ ᠳᠠᠷᠬᠠᠨ ᠬᠤᠯᠠ ᠠᠵᠢᠷᠭ᠎ᠠ ᠲᠠᠢ ᠶᠤᠮ ᠰᠠᠨᠵᠡᠢ ᠃ ᠨᠢᠭᠡ ᠡᠳᠦᠷ ᠴᠤᠤᠲᠤ ᠶᠢᠨ ᠴᠠᠭᠠᠭᠴᠢ ᠭᠡᠭᠦᠦ ᠴᠤᠯᠮᠤᠨ ᠴᠤᠬᠤᠷ ᠤᠨᠠᠭ᠎ᠠ ᠲᠠᠢ  ᠪᠡᠨ ᠨᠠᠭᠤᠷ ᠤᠨ ᠬᠦᠪᠡᠭᠡ ᠪᠡᠷ ᠢᠳᠡᠰᠢᠯᠡᠵᠦ ᠶᠠᠪᠤᠵᠤ ᠪᠠᠶᠢᠲᠠᠯ᠎ᠠ ᠴᠤᠯᠮᠤᠨ ᠴᠤᠬᠤᠷ ᠤᠨᠠᠭ᠎ᠠ ᠨᠢ ᠰᠦᠷᠦᠭ ᠡᠴᠡ ᠪᠡᠨ ᠬᠤᠴᠤᠷᠤᠨ ᠲᠤᠭᠯᠠᠵᠤ ᠲᠤᠩᠭᠤᠴᠢᠵᠤ ᠪᠠᠶᠢᠭᠠᠳ ᠴᠠᠭᠠᠨ ᠰᠢᠪᠠᠭᠤᠨ ᠤ ᠦᠨᠳᠡᠭᠡ ᠶᠢ ᠬᠠᠭ᠎ᠠ ᠭᠢᠰᠬᠢᠴᠢᠬᠡᠵᠦ ᠭᠡᠨ᠎ᠡ ᠃ ᠲᠡᠭᠡᠲᠡᠯ᠎ᠡ ᠰᠢᠪᠠᠭᠤᠨ ᠤ ᠴᠡᠷᠢᠭ ᠦᠳ ᠲᠡᠭᠦᠨ ᠢ ᠬᠦᠭᠡᠭᠡᠵᠦ ᠢᠷᠡᠭᠡᠳ ᠲᠠᠯ᠎ᠠ ᠪᠦᠷᠢ ᠡᠴᠡ ᠨᠢ ᠬᠠᠷᠪᠤᠬᠤ ᠭᠡᠵᠡᠢ ᠃ ᠴᠤᠤᠲᠤ ᠶᠢᠨ ᠴᠠᠭᠠᠭᠴᠢ ᠭᠡᠭᠦᠦ ᠴᠤᠯᠮᠤᠨ ᠴᠤᠬᠤᠷ ᠤᠨᠠᠭ᠎ᠠ ᠪᠡᠨ ᠤᠷᠲᠤ ᠠᠴᠠ ᠨᠢ ᠬᠠᠷᠪᠤᠬᠤ ᠪᠠᠷ ᠬᠤᠶᠢᠨ᠎ᠠ ᠪᠠᠨ ᠤᠷᠤᠭᠤᠯᠵᠤ ᠬᠤᠶᠢᠨ᠎ᠠ ᠠᠴᠠ ᠨᠢ ᠬᠠᠷᠪᠤᠬᠤ ᠪᠠᠷ ᠤᠷᠲᠤ ᠪᠠᠨ ᠤᠷᠤᠭᠤᠯᠵᠤ ᠪᠠᠷᠠᠭᠤᠨ ᠲᠠᠯ᠎ᠠ ᠠᠴᠠ ᠨᠢ ᠬᠠᠷᠪᠤᠬᠤ ᠪᠠᠷ ᠵᠡᠭᠦᠨ ᠲᠠᠯ᠎ᠠ ᠳᠤ ᠪᠠᠨ ᠭᠠᠷᠭᠠᠭᠠᠳ ᠵᠡᠭᠦᠨ ᠲᠠᠯ᠎ᠠ ᠠᠴᠠ ᠨᠢ ᠬᠠᠷᠪᠤᠬᠤ ᠪᠠᠷ ᠪᠠᠷᠠᠭᠤᠨ ᠲᠠᠯ᠎ᠠ ᠳᠤ ᠪᠠᠨ ᠤᠷᠤᠭᠤᠯᠤᠭᠠᠳ ᠳᠦᠷᠪᠡᠨ ᠵᠦᠭ ᠨᠠᠢᠮᠠᠨ ᠵᠤᠪᠬᠢᠰ ᠠᠴᠠ ᠨᠢ ᠳᠠᠭᠠᠷᠢᠭᠰᠠᠨ ᠠᠶᠤᠯ ᠠᠴᠠ ᠴᠤᠯᠮᠤᠨ ᠴᠤᠬᠤᠷ ᠤᠨᠠᠭ᠎ᠠ ᠪᠡᠨ ᠬᠠᠮᠠᠭᠠᠯᠠᠵᠤ ᠠᠮᠢ ᠶᠢ ᠨᠢ ᠠᠪᠤᠷᠠᠵᠡᠢ ᠃ ᠬᠠᠷᠢᠨ ᠡᠵᠢ ᠶᠢᠨ ᠬᠢ ᠨᠢ ᠪᠡᠶ᠎ᠡ ᠳᠦ ᠰᠢᠪᠠᠭᠤᠨ ᠤ ᠴᠡᠷᠢᠭ  ᠦᠳ ᠦᠨ ᠬᠠᠷᠪᠤᠭᠰᠠᠨ ᠰᠤᠮᠤᠨ ᠤ ᠤᠷᠤᠮ ᠢᠶᠠᠷ ᠡᠨᠳᠡ ᠲᠡᠨᠳᠡ ᠦᠭᠡᠢ ᠴᠢᠰᠤ ᠨᠡᠪᠴᠢᠵᠦ ᠡᠪᠡᠷᠦᠨ ᠬᠠᠲᠠᠭᠰᠠᠨ ᠢ ᠴᠤᠯᠮᠤᠨ ᠴᠤᠬᠤᠷ ᠤᠨᠠᠭ᠎ᠠ ᠦᠵᠡᠭᠡᠳ ᠄

- ᠡᠵᠢ ᠡ ᠂ ᠲᠠᠨ ᠤ ᠪᠡᠶ᠎ᠡ ᠳᠦ ᠡᠨᠳᠡ ᠲᠡᠨᠳᠡ ᠦᠭᠡᠢ ᠠᠷᠪᠠᠶᠢᠵᠤ ᠪᠠᠷᠵᠠᠶᠢᠵᠤ ᠪᠠᠶᠢᠭ᠎ᠠ ᠴᠢᠨᠢ ᠶᠠᠭᠤ ᠶᠤᠮ ᠪᠤᠢ ︖ ᠭᠡᠵᠦ ᠠᠰᠠᠭᠤᠵᠤ ᠭᠡᠨ᠎ᠡ ᠃ ᠴᠤᠤᠲᠤ ᠶᠢᠨ ᠴᠠᠭᠠᠭᠴᠢ ᠭᠡᠭᠦᠦ᠄

- ᠦᠯᠢ ᠶᠢᠨ ᠳᠠᠪᠠᠭ᠎ᠠ ᠪᠠᠷ ᠳᠠᠪᠠᠬᠤ ᠳᠤ ᠦᠯᠦᠨ ᠂ ᠰᠢᠪᠠᠬᠠᠢ ᠨᠠᠭᠠᠯᠳᠤᠭ᠎ᠠ ᠪᠢᠵᠡ ᠭᠡᠵᠦ ᠭᠡᠨ᠎ᠡ ᠃ ᠴᠠᠰᠢ ᠶᠠᠪᠤᠵᠤ ᠪᠠᠶᠢᠲᠠᠯ᠎ᠠ ᠴᠤᠯᠮᠤᠨ ᠴᠤᠬᠤᠷ ᠤᠨᠠᠭ᠎ᠠ ᠄

- ᠡᠵᠢ ᠡ ᠂ ᠲᠠᠨ ᠤ ᠪᠡᠶ᠎ᠡ ᠠᠴᠠ ᠡᠨᠳᠡ ᠲᠡᠨᠳᠡ ᠦᠭᠡᠢ ᠴᠢᠰᠤ ᠭᠠᠷᠤᠭᠠᠳ ᠪᠠᠶᠢᠳᠠᠭ ᠨᠢ ᠶᠠᠭᠤ ᠪᠢᠯᠡ ᠭᠡᠵᠦ ᠭᠡᠨ᠎ᠡ ᠃ ᠡᠵᠢ ᠨᠢ ᠄

- ᠬᠠᠷᠭᠠᠨᠠᠲᠤ ᠶᠢᠨ ᠲᠠᠷᠪᠠᠭ᠎ᠠ ᠪᠠᠷ ᠳᠠᠪᠠᠬᠤ ᠦᠶ᠎ᠡ ᠳᠦ ᠬᠠᠷᠭᠠᠨ᠎ᠠ ᠶᠢᠨ ᠦᠷᠭᠡᠰᠦ ᠬᠠᠳᠬᠤᠭᠤᠷ ᠤᠷᠠᠭᠰᠠᠨ ᠪᠢᠵᠡ ᠡ ᠭᠡᠵᠦ ᠭᠡᠨ᠎ᠡ ᠃

- ᠪᠠᠰᠠ ᠴᠠᠰᠢ ᠶᠠᠪᠤᠵᠤ ᠪᠠᠶᠢᠲᠠᠯ᠎ᠠ ᠴᠤᠯᠮᠤᠨ ᠴᠤᠬᠤᠷ ᠤᠨᠠᠭ᠎ᠠ ᠨᠢ ᠄

- ᠡᠵᠢ ᠡ ᠂ ᠲᠠᠨ ᠤ ᠬᠤᠶᠠᠷ ᠴᠢᠬᠢ ᠶᠠᠭᠠᠬᠢᠭᠠᠳ ᠳᠠᠯᠪᠠᠯᠵᠠᠭᠠᠳ ᠪᠠᠶᠢᠭ᠎ᠠ ᠶᠤᠮ ᠪᠤᠢ ︖ ᠭᠡᠬᠦ ᠳᠦ ᠡᠵᠢ ᠨᠢ ᠄

- ᠢᠯᠠᠭᠠᠲᠤ ᠶᠢᠨ ᠲᠠᠷᠪᠠᠭ᠎ᠠ ᠪᠠᠷ ᠳᠠᠪᠠᠬᠤ ᠦᠶ᠎ᠡ ᠳᠦ ᠢᠯᠠᠭ᠎ᠠ ᠰᠢᠮᠠᠭᠤᠯ ᠦᠷᠭᠡᠭᠡᠭᠰᠡᠭᠡᠷ ᠪᠠᠶᠢᠭᠠᠳ ᠯᠠ ᠲᠡᠷᠡ ᠪᠢᠵᠡ ᠭᠡᠵᠡᠢ ᠃

- ᠲᠡᠭᠦᠨ ᠡᠴᠡ ᠴᠠᠰᠢ ᠶᠠᠪᠤᠵᠤ ᠪᠠᠶᠢᠲᠠᠯ᠎ᠠ ᠴᠤᠯᠮᠤᠨ ᠴᠤᠬᠤᠷ ᠤᠨᠠᠭ᠎ᠠ ᠨᠢ ᠄

- ᠡᠵᠢ ᠡ ᠂ ᠲᠠᠨ ᠤ ᠬᠤᠶᠠᠷ ᠬᠠᠮᠠᠷ ᠴᠢᠨᠢ ᠶᠠᠭᠠᠬᠢᠭᠠᠳ ᠰᠠᠷᠲᠠᠯᠵᠠᠭᠠᠳ ᠪᠠᠶᠢᠭ᠎ᠠ ᠶᠤᠮ ᠪᠤᠢ ︖  ᠭᠡᠵᠦ ᠭᠡᠨ᠎ᠡ ᠃ ᠴᠤᠤᠲᠤ ᠶᠢᠨ ᠴᠠᠭᠠᠭᠴᠢ ᠭᠡᠭᠦᠦ ᠄

- ᠢᠯᠠᠭ᠎ᠠ ᠂ ᠰᠢᠮᠠᠭᠤᠯ ᠬᠠᠮᠠᠷ ᠠᠮᠠᠨ ᠳᠡᠭᠡᠷ᠎ᠡ ᠰᠠᠭᠤᠬᠤ ᠪᠠᠷ ᠲᠤᠷᠭᠢᠵᠤ ᠦᠷᠭᠦᠭᠡᠬᠦ ᠪᠡᠷ ᠯᠠ ᠲᠡᠭᠡᠵᠦ ᠬᠠᠷᠠᠭᠳᠠᠭ᠎ᠠ ᠪᠠᠶᠢᠯᠭᠦᠢ ᠭᠡᠵᠦ ᠭᠡᠨ᠎ᠡ ᠃ ᠢᠩᠬᠢᠵᠦ ᠶᠠᠪᠤᠭᠰᠠᠭᠠᠷ ᠴᠤᠤᠲᠤ ᠶᠢᠨ ᠴᠠᠭᠠᠭᠴᠢ ᠭᠡᠭᠦᠦ ᠰᠤᠮᠤᠨ ᠤ ᠰᠢᠷᠬ᠎ᠠ ᠂ ᠶᠠᠪᠤᠳᠠᠯ ᠤᠨ ᠶᠠᠷᠪᠢᠭ ᠲᠤ ᠡᠴᠡᠵᠦ ᠦᠬᠦᠬᠦ ᠪᠤᠯᠵᠤ ᠭᠡᠨ᠎ᠡ ᠃ ᠲᠡᠭᠡᠭᠡᠳ ᠤᠨᠠᠭᠠᠨ ᠳᠤ ᠪᠠᠨ ᠄

- ᠵᠠ ᠤᠳᠤ ᠡᠵᠢ ᠨᠢ ᠦᠬᠦᠬᠦ ᠪᠤᠯᠤᠯ᠎ᠠ ᠂ ᠴᠢ ᠮᠢᠨᠤ ᠦᠭᠡ ᠶᠢ ᠠᠩᠬᠠᠷᠴᠤ ᠰᠠᠶᠢᠨ ᠰᠤᠨᠤᠰ ︕

- ᠦᠨᠳᠦᠷ ᠭᠠᠵᠠᠷ ᠰᠡᠷᠢᠭᠦᠨ ᠪᠠᠶᠢᠳᠠᠭ ᠨᠠᠮ ᠭᠠᠵᠠᠷ ᠤᠨᠲᠠᠵᠤ ᠪᠠᠶᠢᠭᠠᠷᠠᠢ ᠂ ᠨᠦᠮᠦᠷᠢ ᠨᠦᠭᠡᠯᠭᠡᠲᠡᠢ ᠪᠠᠶᠢᠳᠠᠭ ᠶᠤᠮ ᠃ ᠨᠠᠮᠠᠶᠢ ᠦᠬᠦᠬᠦ ᠪᠡᠷ ᠨᠢᠭᠡ ᠳᠤᠯᠤᠭᠠᠨ ᠬᠤᠨᠤᠭ ᠪᠠᠷᠠᠭᠤᠨ ᠭᠤᠶᠠᠨ ᠠᠴᠠ ᠮᠢᠨᠢ ᠰᠢᠬᠢᠷ ᠪᠤᠷᠠᠮ ᠭᠠᠷᠤᠨ᠎ᠠ ᠂ ᠲᠡᠭᠦᠨ ᠢ ᠢᠳᠡ ᠃ ᠳᠠᠷᠠᠭᠠᠴᠢ ᠶᠢᠨ ᠨᠢᠭᠡ ᠳᠤᠯᠤᠭ᠎ᠠ ᠬᠤᠨᠤᠭ ᠵᠡᠭᠦᠨ ᠭᠤᠶᠠᠨ ᠠᠴᠠ ᠮᠢᠨᠢ ᠴᠡᠴᠡᠭ ᠵᠢᠮᠢᠰ ᠭᠠᠷᠤᠨ᠎ᠠ ᠂ ᠲᠡᠭᠦᠨ ᠢ ᠢᠳᠡ ᠃ ᠲᠡᠭᠡᠭᠡᠳ ᠢᠵᠢᠯᠢ ᠶᠢᠨ ᠢᠶᠡᠨ ᠬᠤᠶᠢᠨ᠎ᠠ ᠠᠴᠠ ᠶᠠᠪᠤᠵᠤ ᠨᠤᠲᠤᠭ ᠢᠶᠠᠨ ᠪᠠᠷᠠᠳᠠ ᠭᠡᠵᠦ ᠵᠠᠬᠢᠵᠡᠢ ᠃ ᠭᠡᠭᠦᠦ ᠴᠤᠯᠮᠤᠨ ᠴᠤᠬᠤᠷ ᠤᠨᠠᠭ᠎ᠠ ᠡᠵᠢ ᠶᠢᠨ ᠢᠶᠡᠨ ᠬᠡᠯᠡᠵᠦ ᠵᠢᠭᠠᠭᠰᠠᠨ ᠢ ᠶᠤᠰᠤᠴᠢᠯᠠᠨ ᠳᠠᠭᠠᠯ ᠦᠭᠡᠢ ᠠᠭᠤᠯᠠ ᠶᠢᠨ ᠬᠢᠷ᠎ᠠ ᠳᠤ ᠤᠨᠲᠠᠵᠤ ᠬᠡᠳᠦ ᠬᠡᠳᠦᠨ ᠤᠳᠠᠭ᠎ᠠ ᠳᠠᠭᠠᠷᠠᠵᠤ ᠬᠦᠷᠦᠵᠦ ᠵᠤᠪᠠᠯᠠᠩ ᠠᠮᠰᠠᠭᠠᠳ ᠬᠠᠰᠢᠷᠠᠬᠤ ᠳᠤ ᠪᠠᠨ ᠡᠩᠭᠡᠷ ᠨᠦᠮᠦᠷᠢ ᠭᠠᠵᠠᠷ ᠤᠨᠲᠠᠵᠤ ᠰᠤᠷᠴᠠᠢ ᠃

ᠲᠡᠭᠡᠭᠡᠳ ᠢᠵᠢᠯᠢ ᠰᠦᠷᠦᠭ ᠢᠶᠡᠨ ᠡᠷᠢᠵᠦ ᠠᠶᠢᠯ ᠠᠮᠢᠲᠠᠨ ᠤ ᠬᠤᠲᠠᠨ ᠤ ᠵᠠᠬ᠎ᠠ ᠪᠠᠷ ᠶᠠᠪᠤᠬᠤ ᠳᠤ ᠨᠤᠬᠠᠢ ᠨᠢ ᠪᠤᠷᠭᠤᠵᠤ ᠂ ᠬᠡᠦᠬᠡᠳ ᠨᠢ ᠬᠦᠭᠡᠭᠡᠵᠦ ᠲᠠᠭᠤᠭᠠᠳ ᠱᠤᠭᠯᠠᠭᠠᠳ ᠪᠤᠯᠬᠤ ᠦᠭᠡᠢ ᠪᠠᠶᠢᠵᠡᠢ ᠃ ᠲᠡᠷᠡ ᠡᠨᠡ ᠮᠡᠲᠦ ᠵᠤᠪᠠᠯᠠᠩ ᠪᠡᠶ᠎ᠡ ᠪᠡᠷ ᠲᠤᠭᠤᠯᠵᠤ ᠠᠷᠠᠢᠬᠠᠨ ᠡᠬᠡ ᠨᠤᠲᠤᠭ ᠲᠤ ᠪᠠᠨ ᠢᠷᠡᠵᠦ ᠳᠠᠯᠠᠨ ᠬᠤᠯᠠᠭᠴᠢ ᠭᠡᠭᠦᠦ ᠲᠡᠢ ᠂ ᠳᠠᠷᠬᠠᠨ ᠬᠤᠯᠠ ᠠᠵᠢᠷᠭ᠎ᠠ ᠲᠠᠢ ᠢᠵᠢᠯᠢ ᠰᠦᠷᠦᠭ ᠲᠤ ᠪᠠᠨ ᠡᠰᠡᠨ ᠮᠡᠨᠳᠦ ᠨᠡᠶᠢᠯᠡᠵᠦ ᠰᠠᠨᠠᠭ᠎ᠠ ᠠᠮᠤᠷ ᠵᠢᠷᠭᠠᠵᠡᠢ ᠃