ᠲᠡᠷᠢᠭᠦᠨ ᠨᠢᠭᠤᠷ > ᠠᠳᠤᠭᠤ ᠮᠠᠯᠯᠠᠬᠤ ᠤᠬᠠᠭᠠᠨ > ᠡᠮᠴᠢᠯᠡᠭᠡ - ᠳᠣᠮ ᠂ ᠵᠠᠰᠠᠯ ᠂ ᠡᠪᠡᠳᠴᠢᠨ
ᠠᠳᠤᠭᠤ ᠬᠥᠩᠭᠡᠯᠡᠬᠦ ᠠᠷᠭ᠎ᠠ
ᠰ᠂ ᠳᠡᠵᠢᠳᠪᠡᠯ ( ᠮᠠᠯ ᠤᠨ ᠶᠡᠭᠡ ᠡᠮᠴᠢ )
2019-07-29

ᠠᠳᠤᠭᠤ ᠶᠢ ᠬᠥᠩᠭᠡᠯᠡᠬᠦ ᠳᠦ ᠪᠡᠨ ᠠᠵᠢᠯ ᠤᠨ ᠬᠡᠷᠡᠭᠴᠡᠭᠡ ᠴᠢᠭᠯᠡᠯ ᠡᠴᠡ ᠰᠢᠯᠲᠠᠭᠠᠯᠠᠨ ᠡᠷᠲᠡ ᠣᠷᠣᠢ ᠪᠤᠶᠤ ᠨᠠᠰᠤᠨ ᠤ ᠶᠠᠩᠵᠤ ᠪᠦᠷᠢ ᠶᠢᠨ ᠦᠶ᠎ᠡ ᠱᠠᠲᠤᠨ ᠳᠤ ᠬᠥᠩᠭᠡᠯᠡᠨ᠎ᠡ᠃ ᠬᠥᠳᠡᠷ ᠯᠠᠭᠱᠠᠨ ᠮᠢᠬᠠᠯᠢᠭ ᠪᠢᠷ᠎ᠠ ᠲᠠᠢ ᠠᠵᠢᠯ ᠤᠨ ᠮᠣᠷᠢ ᠪᠤᠢ ᠪᠣᠯᠭᠠᠶ᠎ᠠ ᠭᠡᠪᠡᠯ ᠨᠠᠰᠤ ᠶᠢ ᠨᠢ ᠠᠬᠢᠭᠤᠯᠵᠤ ᠬᠥᠩᠭᠡᠯᠡᠬᠦ᠂ ᠬᠥᠩᠭᠡᠨ ᠬᠥᠯᠲᠡᠢ ᠨᠢᠮᠭᠡᠨ ᠪᠡᠶ᠎ᠡ ᠲᠡᠢ ᠤᠨᠤᠯᠭ᠎ᠠ ᠶᠢᠨ᠂ ᠭᠣᠶᠣᠯ ᠤᠨ ᠮᠣᠷᠢ ᠪᠤᠢ ᠪᠣᠯᠬᠤ ᠳᠤ ᠳᠠᠭ᠎ᠠ ᠠᠴᠠ ᠨᠢ ᠬᠥᠩᠭᠡᠯᠡᠬᠦ ᠬᠡᠷᠡᠭᠲᠡᠢ᠃ 

ᠠᠳᠤᠭᠤ ᠶᠢ ᠠᠭᠲᠠᠯᠠᠬᠤ ᠠᠵᠢᠯ ᠬᠦᠮᠦᠨ ᠦ ᠰᠠᠨᠠᠭᠠᠨ ᠤ ᠳᠤᠷ᠎ᠠ ᠪᠠᠷ ᠪᠠᠶᠢᠵᠤ ᠪᠣᠯᠬᠤ ᠦᠭᠡᠢ᠃ ᠤᠴᠢᠷ ᠨᠢ ᠭᠡᠪᠡᠯ  ᠲᠠᠯᠪᠢᠬᠤ  ᠦᠷᠢᠶ᠎ᠡ ᠶᠢ ᠰᠣᠩᠭᠣᠨ ᠣᠯᠵᠤ ᠵᠣᠣ ᠮᠠᠯ ᠡᠮᠨᠡᠯᠭᠡ ᠶᠢᠨ ᠪᠠᠶᠢᠭᠤᠯᠤᠯᠭ᠎ᠠ ᠠᠴᠠ ᠦᠵᠡᠵᠦ ᠰᠢᠯᠭᠠᠭᠰᠠᠨ ᠦᠨᠳᠦᠰᠦᠨ ᠳᠦ ᠲᠡᠭᠦᠨ ᠦ ᠤᠳᠤᠷᠢᠳᠤᠯᠭ᠎ᠠ ᠬᠢᠨᠠᠯᠲᠠ ᠶᠢᠨ ᠳᠣᠣᠷ᠎ᠠ ᠬᠢᠳᠡᠭ ᠬᠠᠷᠢᠭᠤᠴᠠᠯᠭ᠎ᠠ ᠲᠠᠢ ᠠᠵᠢᠯ ᠶᠤᠮ᠃ ᠠᠳᠤᠭᠤ ᠶᠢ ᠵᠠᠰᠠᠬᠤ ᠶᠢᠨ ᠡᠮᠦᠨ᠎ᠡ ᠤᠨᠠᠭᠠᠵᠤ ᠪᠡᠬᠢᠯᠡᠬᠦ᠂ ᠬᠤᠤᠬᠠᠨᠠᠭ ᠤᠨ ᠭᠠᠳᠠᠨᠠᠬᠢ ᠠᠷᠠᠰᠤ ᠶᠢ ᠰᠠᠪᠤᠩ ᠲᠠᠢ ᠪᠦᠯᠢᠶᠡᠨ ᠤᠰᠤ ᠪᠠᠷ ᠤᠭᠢᠶᠠᠵᠤ ᠴᠡᠪᠡᠷᠯᠡᠬᠦ ᠵᠡᠷᠭᠡ ᠪᠡᠯᠡᠳᠬᠡᠯ ᠢ ᠬᠢᠨ᠎ᠡ᠃ 

ᠵᠠᠰᠠᠯᠭ᠎ᠠ ᠬᠢᠬᠦ ᠳᠦ ᠪᠡᠨ ᠵᠥᠪ ᠲᠠᠯ᠎ᠠ ᠶᠢᠨ ᠬᠤᠤᠬᠠᠨᠠᠭ ᠢ ᠲᠡᠭᠦᠨ ᠦ ᠵᠠᠭᠠᠳᠠᠰᠤᠨ ᠠᠴᠠ 1.5 ᠰᠠᠨ᠋ᠲ᠋ᠢᠮᠧᠲᠷ ᠦᠨ ᠵᠠ ᠶᠢᠲᠠᠢ ᠵᠡᠷᠭᠡᠴᠡᠭᠦᠯᠦᠨ ᠲᠥᠮᠦᠰᠦᠭᠡᠨ ᠦ ᠤᠷᠳᠤ ᠦᠵᠦᠭᠦᠷ ᠡᠴᠡ ᠬᠣᠶᠢᠲᠤ ᠢᠷᠮᠡᠭ ᠬᠦᠷᠲᠡᠯ᠎ᠡ ᠳᠣᠷᠤᠭᠰᠢ ᠤᠷᠲᠤ ᠬᠠᠭᠠᠯᠭ᠎ᠠ ᠬᠢᠨ᠎ᠡ᠃ ᠠᠷᠠᠰᠤᠨ ᠤ ᠪᠦᠬᠦ ᠦᠶ᠎ᠡ ᠳᠠᠪᠬᠤᠷ᠎ ᠢ ᠨᠢᠭᠡ ᠤᠳᠠᠭ᠎ᠠ ᠶᠢᠨ ᠵᠦᠰᠦᠯᠲᠡ ᠪᠡᠷ ᠢᠷᠠᠨ᠎ᠠ᠃ ᠢᠩᠭᠢᠵᠦ ᠳᠤᠷᠤᠭᠰᠢ ᠤᠷᠲᠤ ᠬᠠᠭᠠᠯᠭ᠎ᠠ ᠬᠢᠬᠦ ᠶᠠᠪᠤᠳᠠᠯ ᠵᠠᠰᠠᠯᠭ᠎ᠠ ᠶᠢᠨ ᠳᠠᠷᠠᠭᠠᠬᠢ ᠬᠦᠨᠳᠦᠷᠡᠯᠲᠡ ᠡᠴᠡ ᠰᠡᠷᠭᠡᠶᠢᠯᠡᠬᠦ ᠠᠴᠢ ᠬᠣᠯᠪᠣᠭᠳᠠᠯ ᠲᠠᠢ᠃ ᠡᠭᠦᠨ ᠦ ᠳᠠᠷᠠᠭ᠎ᠠ ᠶᠡᠷᠦᠩᠬᠡᠢ ᠰᠠᠪᠠ ᠪᠦᠷᠬᠦᠪᠴᠢ ᠶᠢ ᠬᠠᠭᠠᠯᠬᠤ ᠳᠤ ᠪᠠᠨ ᠤᠷᠢᠳ ᠢᠶᠠᠷ ᠲᠥᠮᠦᠰᠦᠭᠡ ᠶᠢᠨ ᠬᠣᠶᠢᠲᠤ ᠦᠵᠦᠭᠦᠷ ᠦᠨ ᠪᠦᠷᠬᠦᠪᠴᠢ ᠶᠢ ᠬᠢᠲᠤᠭᠠᠨ ᠤ ᠦᠵᠦᠭᠦᠷ ᠢᠶᠡᠷ ᠢᠷᠠᠵᠤ ᠳᠠᠷᠠᠭ᠎ᠠ ᠲᠡᠭᠦᠨ ᠦ ᠤᠷᠢᠳᠤ ᠦᠵᠦᠭᠦᠷ ᠢ ᠮᠥᠨ ᠠᠳᠠᠯᠢ ᠢᠷᠠᠨ᠎ᠠ᠃ 

ᠢᠩᠭᠢᠭᠡᠳ ᠳᠡᠭᠡᠷᠡᠬᠢ ᠬᠣᠶᠠᠷ ᠢᠷᠠᠩᠬᠠᠢ ᠶᠢᠨ ᠬᠣᠭᠣᠷᠣᠨᠳᠣᠬᠢ ᠪᠦᠷᠬᠦᠪᠴᠢ ᠶᠢ ᠬᠠᠶᠢᠴᠢᠯᠠᠨ᠎ᠠ᠃ ᠶᠡᠷᠦᠩᠬᠡᠢ ᠰᠠᠪᠠ ᠪᠦᠷᠬᠦᠪᠴᠢ ᠠᠷᠠᠰᠤ ᠬᠣᠶᠠᠷ ᠤᠨ ᠢᠷᠠᠯᠲᠠ ᠶᠢᠨ ᠤᠷᠲᠤ ᠪᠣᠭᠣᠨᠢ ᠨᠢ ᠲᠡᠩᠴᠡᠭᠦᠦ ᠪᠣᠯᠬᠤ ᠤᠴᠢᠷ ᠠᠴᠠ ᠶᠠᠮᠠᠷ ᠨᠢᠭᠡ ᠤᠭᠤᠲᠠ ᠡᠭᠦᠰᠴᠦ ᠨᠡᠪᠴᠢᠳᠡᠰᠦ ᠬᠤᠷᠠᠯᠳᠤᠬᠤ ᠠᠶᠤᠯ ᠭᠠᠷᠬᠤ ᠦᠭᠡᠢ ᠶᠡᠷᠦᠩᠬᠡᠢ ᠰᠠᠪᠠ ᠪᠦᠷᠬᠦᠪᠴᠢ ᠶᠢ ᠬᠠᠭᠠᠯᠤᠮᠠᠭᠴᠠ ᠲᠡᠭᠦᠨ ᠦ ᠳᠣᠲᠣᠷ᠎ᠠ ᠠᠴᠠ ᠲᠥᠮᠦᠰᠦᠭᠡ ᠤᠨᠵᠢᠨ ᠬᠠᠷᠠᠭᠳᠠᠨ᠎ᠠ᠃ ᠲᠡᠷᠡ ᠤᠨᠵᠢᠵᠤ ᠪᠠᠶᠢᠭ᠎ᠠ ᠲᠥᠮᠦᠰᠦᠭᠡᠨ ᠦ ᠦᠲᠦᠷᠢᠶ᠎ᠡ ᠰᠢᠨᠳᠠᠰᠤ ᠶᠢ ᠮᠡᠰᠡ ᠵᠠᠰᠠᠯᠠᠯ ᠤᠨ ᠬᠢᠮᠰᠠ ᠪᠠᠷ ᠬᠠᠪᠴᠢᠵᠤ ᠲᠡᠭᠦᠨ ᠦ ᠬᠥᠪᠴᠢᠷᠬᠡᠢ᠂ ᠦᠲᠦᠷᠢᠶ᠎ᠡ ᠰᠢᠨᠳᠠᠰᠤ ᠶᠢ ᠬᠠᠶᠢᠴᠢᠯᠠᠬᠤ ᠳᠤ ᠮᠠᠯ ᠲᠥᠮᠦᠰᠦᠭᠡ ᠪᠡᠨ ᠳᠣᠲᠣᠭᠰᠢ ᠨᠢ ᠲᠠᠲᠠᠵᠤ ᠴᠢᠳᠠᠬᠤ ᠦᠭᠡᠢ ᠪᠣᠯᠤᠨ᠎ᠠ᠃ 

ᠪᠤᠷᠤᠭᠤ ᠲᠠᠯ᠎ᠠ ᠶᠢᠨ ᠲᠥᠮᠦᠰᠦᠭᠡ ᠶᠢ ᠡᠨᠡ ᠮᠠᠶ᠋ᠢᠭ ᠢᠶᠠᠷ ᠢᠷᠠᠵᠤ ᠭᠠᠷᠲᠠᠨ᠎ᠠ᠃ ᠲᠥᠮᠦᠰᠦᠭᠡ ᠶᠢ ᠲᠠᠰᠤ ᠣᠭᠲᠣᠯᠬᠤ ᠳᠤ ᠪᠠᠨ ᠵᠠᠰᠠᠯᠭ᠎ᠠ ᠶᠢᠨ ᠪᠠᠬᠢ ᠪᠠᠷ ᠲᠠᠰᠤ ᠤᠭᠳᠤᠯᠬᠤ᠂ ᠰᠠᠪᠰᠠᠯᠭᠠᠳᠠᠵᠤ ᠲᠠᠰᠤᠯᠬᠤ ᠤᠲᠠᠰᠤ ᠪᠠᠷ ᠪᠣᠭᠣᠵᠤ ᠤᠭᠳᠤᠯᠬᠤ ᠵᠡᠷᠭᠡ ᠬᠡᠳᠦᠨ ᠶᠠᠩᠵᠤ ᠶᠢᠨ ᠠᠷᠭ᠎ᠠ ᠶᠢ ᠬᠡᠷᠡᠭᠯᠡᠨ᠎ᠡ᠃ 

ᠵᠠᠰᠠᠯᠭ᠎ᠠ ᠶᠢᠨ ᠬᠠᠪᠴᠢᠭᠤᠷ ᠬᠡᠷᠡᠭᠯᠡᠬᠦ᠃ 1᠂ ᠮᠠᠯ ᠤᠨ ᠲᠥᠮᠦᠰᠦᠭᠡ ᠶᠢ ᠵᠠᠰᠠᠯᠭ᠎ᠠ ᠶᠢᠨ ᠬᠠᠪᠴᠢᠭᠤᠷ ᠢᠶᠠᠷ ᠬᠠᠪᠴᠢᠵᠤ ᠲᠠᠰᠤᠯᠬᠤ ᠳᠤ ᠪᠠᠨ ᠲᠥᠮᠦᠰᠦᠭᠡ ᠶᠢ ᠲᠡᠭᠦᠨ ᠦ ᠬᠥᠪᠴᠢᠷᠬᠡᠢ ᠶᠢᠨ ᠳᠡᠩᠭᠡᠯᠢᠭ ᠦᠨ ᠳᠠᠭᠠᠤ 180 ᠭᠷᠠᠳᠦᠶᠰ ᠡᠷᠭᠢᠭᠦᠯᠦᠨ ᠬᠠᠪᠴᠢᠵᠤ 10-12 ᠡᠷᠭᠢᠭᠦᠯᠦᠭᠰᠡᠨ ᠦ ᠳᠠᠷᠠᠭ᠎ᠠ ᠲᠠᠰᠤᠷᠠᠨ ᠤᠨᠠᠨ᠎ᠠ᠃ 

ᠪᠠᠬᠢ ᠶᠢ ᠠᠳᠤᠭᠤᠨ ᠤ ᠨᠠᠰᠤᠨ ᠤ ᠲᠣᠭ᠎ᠠ ᠲᠠᠢ ᠲᠡᠩᠴᠡᠭᠦᠦ ᠮᠢᠨᠦ᠋ᠲ ᠪᠠᠷᠢᠬᠤ ᠬᠡᠷᠡᠭᠲᠡᠢ᠃ ᠬᠠᠷᠢᠨ ᠪᠦᠳᠦᠭᠦᠨ  ᠵᠠᠰᠠᠯᠭᠠᠨ ᠳᠤ ᠪᠠᠬᠢ ᠶᠢ 10 ᠮᠢᠨᠦ᠋ᠲ ᠠᠴᠠ ᠢᠯᠡᠭᠦᠦ ᠤᠳᠠᠭᠠᠨ ᠬᠤᠭᠤᠴᠠᠭ᠎ᠠ ᠲᠠᠢ ᠬᠠᠪᠴᠢᠬᠤ ᠬᠡᠷᠡᠭᠲᠡᠢ᠃ ᠰᠠᠪᠰᠠᠯᠭ᠎ᠠ ᠶᠢ ᠠᠪᠬᠤ ᠶᠢᠨ ᠦᠶ᠎ᠡ ᠳᠦ ᠢᠤᠳ᠋ ᠍ ᠤᠨ ᠬᠠᠨᠳᠠ ᠲᠦᠷᠬᠢᠵᠦ ᠴᠠᠭᠠᠨ ᠰᠲᠷᠧᠫᠲ᠋ᠣᠼᠢᠳ᠋ ᠤᠨ ᠨᠤᠨᠲᠠᠭ ᠴᠠᠴᠠᠨ᠎ᠠ᠃ 

ᠰᠠᠪᠰᠠᠯᠭ᠎ᠠ ᠬᠡᠷᠡᠭᠯᠡᠬᠦ ᠠᠷᠭ᠎ᠠ ᠥᠷᠭᠡᠨ ᠬᠡᠷᠡᠭᠯᠡᠭᠳᠡᠳᠡᠭ ᠬᠠᠭᠤᠴᠢᠨ ᠤ ᠠᠷᠭ᠎ᠠ ᠶᠤᠮ᠃ 

ᠮᠠᠯ ᠡᠮᠨᠡᠯᠭᠡ ᠶᠢᠨ ᠫᠷᠠᠺᠲ᠋ᠢᠭ ᠲᠤ ᠬᠡᠷᠡᠭᠯᠡᠵᠦ ᠪᠠᠶᠢᠭ᠎ᠠ ᠰᠠᠪᠰᠠᠯᠭ᠎ᠠ 15 ᠰᠠᠨ᠋ᠲ᠋ᠢᠮᠧᠲᠷ ᠤᠷᠲᠤ ᠨᠠᠷᠢᠬᠠᠨ 2 ᠮᠣᠳᠣ ᠪᠥᠭᠡᠳ 3-5 ᠰᠠᠨ᠋ᠲ᠋ᠢᠮᠧᠲᠷ ᠥᠷᠭᠡᠨ ᠪᠠᠶᠢᠨ᠎ᠠ᠃ ᠰᠠᠪᠰᠠᠯᠭ᠎ᠠ ᠶᠢᠨ 2 ᠦᠵᠦᠭᠦᠷ ᠲᠦ ᠣᠭᠣᠰᠣᠷ ᠲᠣᠭᠲᠠᠭᠠᠬᠤ ᠳᠤ ᠵᠣᠷᠢᠭᠤᠯᠤᠭᠰᠠᠨ ᠬᠡᠷᠴᠢᠶᠡᠰᠦ ᠭᠠᠷᠭᠠᠨ᠎ᠠ᠃ ᠣᠯᠠᠨ ᠤᠳᠠᠭ᠎ᠠ ᠬᠡᠷᠡᠭᠯᠡᠵᠦ ᠴᠢᠰᠤ ᠨᠥᠵᠢ  ᠬᠠᠲᠠᠵᠤ ᠪᠣᠬᠢᠷᠳᠠᠭᠰᠠᠨ ᠰᠠᠪᠰᠠᠯᠭ᠎ᠠ ᠶᠢ ᠤᠷᠢᠳ ᠢᠶᠠᠷ ᠰᠠᠶᠢᠲᠤᠷ ᠴᠡᠪᠡᠷᠯᠡᠵᠦ ᠬᠡᠷᠡᠭᠯᠡᠬᠦ ᠪᠠ ᠬᠠᠷᠢᠨ ᠦᠵᠦᠭᠦᠷ ᠢ ᠤᠶᠠᠵᠤ ᠪᠡᠬᠢᠯᠡᠨ᠎ᠡ᠂ ᠬᠥᠪᠴᠢᠷᠬᠡᠢ ᠶᠢ ᠰᠠᠪᠰᠠᠯᠭ᠎ᠠ ᠠᠴᠠ ᠰᠠᠯᠭᠠᠬᠤ ᠳᠤ ᠪᠠᠨ 1 ᠰᠠᠨ᠋ᠲ᠋ᠢᠮᠧᠲᠷ ᠵᠠᠶᠢᠲᠠᠢ ᠳᠣᠣᠭᠤᠷ ᠬᠠᠶᠢᠴᠢᠯᠠᠨ ᠣᠭᠲᠣᠯᠤᠨ᠎ᠠ᠃ ᠰᠠᠪᠰᠠᠯᠭ᠎ᠠ ᠶᠢ ᠮᠠᠯ ᠵᠠᠰᠠᠭᠠᠳ 12-24 ᠴᠠᠭ ᠪᠣᠯᠤᠭᠠᠳ ᠲᠠᠶᠢᠯᠵᠤ ᠠᠪᠤᠨ᠎ᠠ᠃ 

ᠬᠥᠪᠴᠢᠷᠬᠡᠢ ᠶᠢ ᠪᠣᠭᠣᠵᠤ ᠬᠥᠩᠭᠡᠯᠡᠬᠦ ᠠᠷᠭ᠎ᠠ ᠴᠢᠰᠤ ᠠᠯᠳᠠᠯᠲᠠ ᠠᠴᠠ ᠰᠡᠷᠭᠡᠶᠢᠯᠡᠬᠦ ᠬᠠᠮᠤᠭ ᠤᠨ ᠰᠠᠶᠢᠨ ᠠᠷᠭ᠎ᠠ ᠪᠥᠭᠡᠳ ᠰᠠᠪᠰᠠᠯᠭ᠎ᠠ ᠬᠡᠷᠡᠭᠯᠡᠬᠦ ᠡᠴᠡ ᠢᠯᠡᠭᠦᠦ ᠠᠰᠢᠭᠲᠠᠢ᠃ ᠬᠥᠪᠴᠢᠷᠬᠡᠢ ᠶᠢ  ᠲᠠᠯ᠎ᠠ ᠶᠢᠨ  ᠪᠤᠭᠤᠯᠲᠠ ᠠᠴᠠ 1.5 ᠰᠠᠨ᠋ᠲ᠋ᠢᠮᠧᠲᠷ ᠳᠣᠣᠭᠤᠷ ᠲᠠᠰᠤ ᠣᠭᠲᠣᠯᠤᠨ᠎ᠠ᠃

ᠬᠥᠩᠭᠡᠯᠡᠯᠲᠡ ᠶᠢᠨ ᠳᠠᠷᠠᠭᠠᠬᠢ ᠬᠦᠨᠳᠦᠷᠡᠯᠲᠡ ᠡᠴᠡ ᠬᠠᠮᠠᠭᠠᠯᠠᠬᠤ᠃ ᠦᠷᠢᠶ᠎ᠡ ᠶᠢ ᠵᠠᠰᠠᠭᠰᠠᠨ ᠤ ᠳᠠᠷᠠᠭᠠᠬᠢ ᠬᠦᠨᠳᠦᠷᠡᠯᠲᠡ ᠡᠴᠡ ᠬᠠᠮᠠᠭᠠᠯᠠᠬᠤ ᠳᠤ ᠮᠠᠯᠴᠢᠨ ᠬᠦᠮᠦᠨ ᠦ ᠠᠩᠬᠠᠷᠤᠯ ᠥᠨᠳᠥᠷ ᠪᠠᠶᠢᠬᠤ ᠬᠡᠷᠡᠭᠲᠡᠢ᠃ ᠬᠥᠩᠭᠡᠯᠡᠭᠰᠡᠨ ᠦ ᠳᠠᠷᠠᠭ᠎ᠠ ᠠᠳᠤᠭᠤ ᠶᠢ ᠤᠳᠠᠭᠠᠨ ᠬᠡᠪᠲᠡᠭᠦᠯᠵᠦ ᠪᠣᠯᠬᠤ ᠦᠭᠡᠢ᠃ ᠬᠡᠪᠲᠡᠭᠰᠡᠨ ᠠᠳᠤᠭᠤ ᠶᠢ ᠪᠣᠰᠬᠠᠵᠤ ᠬᠥᠳᠡᠯᠭᠡᠵᠦ ᠪᠠᠶᠢᠬᠤ ᠬᠡᠷᠡᠭᠲᠡᠢ᠃ 

ᠬᠤᠵᠢᠷ ᠲᠠᠢ ᠭᠠᠵᠠᠷ ᠲᠤ ᠪᠡᠯᠴᠢᠭᠡᠷᠯᠡᠭᠦᠯᠬᠦ ᠨᠢ ᠰᠢᠷᠬᠠᠨ ᠤ ᠡᠳᠡᠭᠡᠷᠡᠯᠲᠡ ᠶᠢ ᠤᠳᠠᠭᠠᠰᠢᠷᠠᠭᠤᠯᠬᠤ ᠪᠠ ᠰᠡᠳᠡᠷᠡᠭᠡᠵᠦ ᠪᠣᠯᠬᠤ ᠠᠶᠤᠯᠲᠠᠢ᠃ 

ᠴᠢᠰᠤ ᠶᠡᠬᠡ ᠠᠯᠳᠠᠬᠤ ᠠᠴᠠ ᠪᠣᠯᠭᠣᠮᠵᠢᠯᠠᠨ ᠡᠳᠦᠷ ᠪᠦᠬᠦᠨ ᠰᠢᠯᠭᠠᠵᠤ ᠦᠵᠡᠵᠦ ᠪᠠᠶᠢᠬᠤ ᠬᠡᠷᠡᠭᠲᠡᠢ᠃ ᠠᠳᠤᠭᠤ ᠬᠠᠵᠠᠵᠤ ᠬᠠᠭᠠᠷᠢᠬᠤ ᠰᠢᠷᠦᠭᠦᠨ ᠬᠥᠭᠡᠭᠡᠵᠦ ᠲᠠᠭᠤᠯᠭᠠᠬᠤ ᠶᠢ ᠡᠬᠢᠨ ᠦ 3-5 ᠬᠣᠨᠣᠭ ᠲᠤ ᠪᠣᠯᠭᠣᠮᠵᠢᠯᠠᠪᠠᠯ ᠵᠣᠬᠢᠨ᠎ᠠ᠃ 
ᠠᠳᠤᠭᠤ ᠬᠥᠩᠭᠡᠯᠡᠭᠰᠡᠨ ᠦ ᠳᠠᠷᠠᠭ᠎ᠠ ᠬᠤᠤᠬᠠᠨᠠᠭ ᠤᠨ ᠬᠠᠨ᠎ᠠ ᠶᠢᠨ ᠰᠤᠳᠠᠰᠤ ᠦᠷ᠎ᠡ ᠳᠠᠮᠵᠢᠭᠤᠯᠤᠭᠴᠢ ᠶᠢᠨ ᠰᠤᠳᠠᠰᠤᠨ ᠠᠴᠠ ᠴᠢᠰᠤ ᠭᠤᠭᠤᠵᠢᠪᠠᠯ ᠬᠥᠪᠴᠢᠷᠬᠡᠢ ᠶᠢᠨ ᠲᠠᠭᠠᠷᠢᠳᠠᠰᠤ᠂ ᠶᠡᠷᠦᠩᠬᠡᠢ ᠰᠠᠪᠠ ᠪᠦᠷᠬᠦᠪᠴᠢ ᠤᠨᠵᠢᠬᠤ ᠰᠡᠮᠡᠵᠡ ᠤᠨᠵᠢᠬᠤ ᠵᠡᠷᠭᠡ ᠬᠦᠨᠳᠦᠷᠡᠯ ᠦᠳ ᠪᠣᠯᠭᠣᠮᠵᠢ ᠦᠭᠡᠢ ᠵᠠᠰᠠᠯᠭ᠎ᠠ ᠠᠴᠠ ᠡᠭᠦᠰᠴᠦ ᠪᠣᠯᠳᠠᠭ᠃ 

ᠮᠥᠨ ᠶᠠᠩᠵᠤ ᠪᠦᠷᠢ ᠶᠢᠨ ᠪᠣᠬᠢᠷᠳᠠᠯᠭ᠎ᠠ ᠠᠴᠠ ᠪᠣᠯᠵᠤ ᠪᠤᠭᠯᠠᠬᠤ ᠦᠷᠪᠢᠰᠦᠯ ᠦᠳ ᠡᠭᠦᠰᠦᠨ ᠬᠦᠨᠳᠦᠷᠡᠯ ᠪᠤᠢ ᠪᠣᠯᠭᠠᠨ᠎ᠠ᠃ ᠮᠠᠯ ᠢ ᠬᠥᠩᠭᠡᠯᠡᠭᠰᠡᠨ ᠦ ᠳᠠᠷᠠᠭ᠎ᠠ ᠢᠳᠡᠭᠡᠲᠦ ᠦᠷᠪᠢᠰᠦᠯ ᠡᠭᠦᠰᠪᠡᠯ ᠰᠢᠷᠬᠠᠨ ᠤ ᠢᠳᠡᠭᠡ ᠶᠢ ᠭᠣᠭᠣᠵᠢᠭᠤᠯᠵᠤ ᠭᠠᠷᠭᠠᠬᠤ ᠨᠢ ᠬᠠᠮᠤᠭ ᠤᠨ ᠲᠤᠭᠤᠰᠢᠲᠠᠢ ᠡᠮᠴᠢᠯᠡᠭᠡ ᠪᠣᠯᠤᠨ᠎ᠠ᠃ ᠴᠢᠰᠤ ᠭᠤᠭᠤᠵᠢᠵᠤ ᠳᠠᠬᠢᠨ ᠰᠠᠪᠰᠠᠯᠭᠠᠳᠠᠬᠤ ᠴᠢᠰᠤᠨ ᠤ ᠰᠤᠳᠠᠰᠤ ᠶᠢ ᠣᠯᠵᠤ ᠪᠣᠭᠣᠬᠤ ᠵᠡᠷᠭᠡ ᠪᠡᠷ ᠲᠣᠭᠲᠠᠭᠠᠵᠤ ᠪᠣᠯᠤᠨ᠎ᠠ᠃ ᠰᠡᠭᠦᠯ ᠤᠨ ᠦᠰᠦ ᠶᠢ ᠰᠦᠯᠵᠢᠵᠦ ᠰᠢᠷᠬ᠎ᠠ ᠲᠠᠢ ᠬᠡᠰᠡᠭ ᠢ ᠬᠢᠯᠭᠠᠰᠤ ᠬᠠᠳᠬᠠᠬᠤ ᠠᠴᠠ ᠬᠠᠮᠠᠭᠠᠯᠠᠬᠤ᠂ ᠰᠡᠭᠦᠯ ᠰᠡᠬᠦᠵᠦ ᠤᠶᠠᠪᠠᠯ ᠴᠢᠰᠤ ᠲᠣᠭᠲᠠᠬᠤ ᠤᠳᠠᠭ᠎ᠠ ᠴᠤ ᠪᠠᠶᠢᠳᠠᠭ᠃ 

ᠥᠩᠭᠡᠯᠡᠭᠰᠡᠨ ᠮᠠᠯ ᠳᠤ ᠰᠤᠮᠤ ᠪᠠᠷᠢᠭᠠᠳᠠ ᠶᠢᠨ ᠮᠠᠯ ᠡᠮᠨᠡᠯᠭᠡ ᠶᠢᠨ ᠪᠠᠶᠢᠭᠤᠯᠭ᠎ᠠ ᠬᠢᠨᠠᠯᠲᠠ ᠲᠠᠯᠪᠢᠵᠤ ᠮᠠᠯᠴᠢᠨ ᠳᠤ ᠵᠣᠬᠢᠬᠤ ᠡᠭᠦᠷᠭᠡ ᠲᠣᠨᠣᠭ ᠬᠡᠷᠡᠭᠯᠡᠯ ᠢ ᠲᠣᠬᠢᠷᠠᠭᠤᠯᠬᠤ ᠳᠤ ᠲᠤᠷᠰᠢᠯᠭ᠎ᠠ ᠳᠠᠳᠤᠯᠭ᠎ᠠ ᠴᠢᠬᠤᠯᠠ ᠥᠭᠴᠦ ᠪᠠᠶᠢᠬᠤ ᠵᠠᠷᠴᠢᠮ ᠲᠠᠢ᠃ ᠠᠷᠢᠭᠤᠨ ᠴᠡᠪᠡᠷ ᠦᠨ ᠱᠠᠭᠠᠷᠳᠠᠯᠭ᠎ᠠ ᠬᠠᠩᠭᠠᠭ᠎ᠠ ᠦᠭᠡᠢ ᠪᠣᠬᠢᠷ ᠠᠵᠢᠯᠯᠠᠭᠰᠠᠨ ᠵᠠᠰᠠᠯᠭ᠎ᠠ ᠶᠢᠨ ᠪᠠᠭᠠᠵᠢ ᠬᠡᠷᠡᠭᠯᠡᠯ ᠦᠨ ᠠᠷᠢᠭᠤᠨ ᠴᠡᠪᠡᠷ ᠢ ᠰᠠᠬᠢᠵᠤ ᠠᠵᠢᠯᠯᠠᠭ᠎ᠠ ᠦᠭᠡᠢ ᠡᠴᠡ ᠬᠦᠨᠳᠦᠷᠡᠯ ᠭᠠᠷᠴᠤ ᠪᠣᠯᠬᠤ ᠦᠵᠡᠭᠳᠡᠯ ᠣᠯᠠᠨᠲᠠ ᠲᠣᠬᠢᠶᠠᠯᠳᠤᠨ᠎ᠠ᠃ 

ᠬᠥᠩᠭᠡᠯᠡᠭᠰᠡᠨ ᠦ ᠳᠠᠷᠠᠭ᠎ᠠ 14-20 ᠬᠣᠨᠣᠭ ᠪᠣᠯᠤᠭᠠᠳ ᠦᠷᠢᠶᠡᠨ ᠦ ᠪᠥᠭᠲᠥᠷᠢᠭᠡ ᠭᠠᠷᠭᠠᠬᠤ ᠪᠤᠶᠤ  ᠤᠨᠤᠵᠤ ᠡᠳ᠋ᠯᠡᠨ᠎ᠡ᠃ 

ᠡᠨᠡ ᠦᠶ᠎ᠡ ᠳᠦ ᠰᠢᠷᠦᠭᠦᠨ ᠳᠠᠪᠬᠢᠬᠤ᠂ ᠤᠷᠲᠤ ᠰᠤᠷ ᠲᠠᠢ ᠲᠠᠰᠢᠭᠤᠷ ᠢᠶᠠᠷ ᠭᠤᠶᠠᠳᠠᠬᠤ ᠶᠢ ᠴᠡᠭᠡᠷᠯᠡᠬᠦ᠂ ᠬᠣᠶᠢᠭᠤᠷ ᠣᠯᠣᠩ ᠵᠢᠷᠢᠮ ᠴᠢᠩᠭ᠎ᠠ ᠲᠠᠲᠠᠵᠤ ᠤᠳᠠᠭᠠᠨ ᠪᠠᠶᠢᠯᠭᠠᠬᠤ ᠵᠡᠷᠭᠡ ᠶᠢ  ᠠᠩᠬᠠᠷᠬᠤ᠂ ᠤᠰᠤ ᠬᠣᠭᠣᠯᠠ ᠪᠠᠷ ᠳᠤᠲᠠᠭᠠᠵᠤ ᠪᠣᠯᠬᠤ ᠦᠭᠡᠢ᠃ 

ᠠᠳᠤᠭᠤ ᠶᠢ ᠬᠥᠩᠭᠡᠯᠡᠬᠦ ᠬᠠᠮᠤᠭ ᠤᠨ  ᠲᠤᠬᠢᠷᠠᠮᠵᠢᠲᠠᠢ ᠬᠤᠭᠤᠴᠠᠭ᠎ᠠ ᠬᠠᠪᠤᠷ ᠤᠨ ᠴᠠᠭ᠃ ᠬᠠᠪᠤᠷ ᠠᠳᠤᠭᠤᠨ ᠤ ᠬᠦᠴᠦ ᠲᠠᠷᠭᠤ ᠨᠢᠮᠭᠡᠨ ᠴᠢᠰᠤ ᠪᠠᠭ᠎ᠠ ᠭᠠᠷᠴᠤ ᠬᠦᠨᠳᠦᠷᠡᠯᠲᠡ ᠪᠠᠭ᠎ᠠ ᠲᠠᠢ ᠪᠡᠶ᠎ᠡ ᠨᠢ ᠬᠥᠩᠭᠡᠨ ᠪᠠᠶᠢᠳᠠᠭ ᠦᠶ᠎ᠡ ᠶᠤᠮ᠃ ᠡᠨᠡ ᠬᠤᠭᠤᠴᠠᠭ᠎ᠠ ᠶᠢ ᠣᠷᠣᠶᠢᠲᠠᠭᠤᠯᠪᠠᠯ ᠨᠣᠭᠣᠭ᠎ᠠ ᠢᠳᠡᠵᠦ ᠲᠠᠷᠭᠤᠯᠠᠬᠤ ᠪᠠ ᠬᠣᠷᠣᠬᠠᠢ ᠭᠠᠷᠴᠤ ᠰᠢᠷᠬᠠᠨ ᠳᠤ ᠬᠦᠨᠳᠦᠷᠡᠯᠲᠡᠢ ᠪᠣᠯᠳᠠᠭ᠃ 

ᠨᠠᠮᠤᠷ ᠤᠨ ᠴᠠᠭ ᠲᠤ ᠬᠥᠩᠭᠡᠯᠡᠭᠰᠡᠨ ᠠᠳᠤᠭᠤ ᠴᠢᠰᠤ ᠶᠡᠬᠡ ᠠᠯᠠᠳᠠᠬᠤ ᠪᠠ ᠡᠴᠡᠵᠦ ᠲᠤᠷᠠᠬᠤ ᠳᠤ ᠪᠠᠨ ᠬᠢᠯᠪᠠᠷᠬᠠᠨ ᠡᠪᠦᠯ ᠡᠳ᠋ᠯᠡᠵᠦ ᠤᠨᠤᠬᠤ ᠳᠤ ᠲᠠᠮᠢᠷ ᠲᠡᠩᠬᠡᠭᠡ ᠮᠠᠭᠤ ᠲᠠᠢ ᠪᠠᠶᠢᠨ᠎ᠠ᠃ 

ᠦᠷᠢᠶ᠎ᠡ ᠶᠢ ᠵᠠᠰᠠᠭᠠᠳ ᠮᠣᠷᠢ ᠭᠡᠵᠦ ᠨᠡᠷᠡᠯᠡᠬᠦ ᠪᠠ ᠮᠣᠷᠢ ᠪᠣᠯ ᠵᠢᠩᠬᠢᠨᠢ ᠤᠨᠤᠯᠭ᠎ᠠ  ᠦ ᠮᠠᠯ ᠪᠥᠭᠡᠳ ᠠᠳᠤᠭᠤᠨ ᠰᠦᠷᠦᠭ ᠲᠦ ᠵᠣᠩᠬᠢᠯᠠᠬᠤ  ᠬᠤᠪᠢ ᠶᠢ ᠡᠵᠡᠯᠡᠵᠦ ᠪᠠᠶᠢᠳᠠᠭ ᠶᠤᠮ᠃