  
ᠱ 
2019-08-14

 

ᠠᠳᠣᠭᠣ ᠲᠥᠬᠥᠭᠡᠷᠬᠦ ᠨᠢ ᠪᠣᠰᠣᠳ ᠮᠠᠯ ᠠᠴᠠ ᠪᠠᠭ᠎ᠠ ᠵᠡᠷᠭᠡ ᠢᠯᠭᠠᠭ᠎ᠠ ᠳᠠᠢ᠃ ᠠᠳᠣᠭᠣ ᠢᠢ ᠥᠬᠡᠷ ᠦᠨ ᠠᠳᠠᠯᠢ ᠬᠥᠯᠢᠵᠥ ᠣᠨᠠᠭᠠᠭᠰᠠᠨ ᠦ ᠳᠠᠷᠠᠭ᠎ᠠ ᠨᠣᠭᠣᠰᠣᠯᠠᠵᠣ ᠴᠡᠭᠡᠵᠢᠨ ᠦ ᠳᠡᠭᠡᠳᠥ ᠬᠡᠰᠡᠭ ᠢᠢᠡᠷ ᠴᠢᠰᠥ ᠢᠢ ᠶᠠᠭᠥᠯᠡᠵᠥ ᠠᠪᠴᠣ ᠱᠣᠯᠠᠵᠣ ᠥᠪᠴᠢᠳᠡᠭ᠃ ᠠᠳᠣᠭᠣ ᠢᠢ ᠡᠪᠳᠡᠬᠥ᠂ ᠮᠢᠬ᠎ᠠ ᠢᠢ ᠨᠢ ᠬᠠᠳᠠᠭᠠᠯᠠᠬᠣ ᠨᠢ ᠪᠣᠰᠣᠳ ᠮᠠᠯ ᠦᠨ ᠬᠢ ᠳᠠᠢ ᠠᠳᠠᠯᠢᠬᠠᠨ᠃ ᠭᠡᠬᠦ ᠳᠦ ᠪᠡᠨ ᠪᠠᠭ᠎ᠠ ᠨᠠᠰᠣᠨ ᠦ ᠠᠳᠣᠭᠣ ᠢᠢ ᠢᠳᠡᠬᠥ ᠳᠦ ᠪᠡᠶ᠎ᠡ ᠳᠦ ᠲᠠᠮᠢᠷ ᠲᠡᠵᠢᠭᠡᠯ ᠥᠭᠴᠥ ᠴᠢᠰᠥ ᠢᠢ ᠰᠢᠩᠭᠡᠯᠡᠨ ᠲᠠᠮᠢᠷ ᠥᠭᠴᠥ ᠳᠠᠷᠣᠯᠳᠠ ᠪᠠᠭᠣᠷᠠᠭᠣᠯᠬᠣ ᠬᠥᠴᠥ ᠳᠡᠢ ᠭᠡᠵᠥ ᠥᠵᠡᠳᠡᠭ᠃ ᠡᠢᠢᠮᠥ ᠣᠴᠢᠷ ᠠᠴᠠ ᠪᠠᠭ᠎ᠠ ᠠᠳᠣᠭᠣᠨ ᠦ ᠮᠢᠬ᠎ᠠ ᠢᠢ ᠳᠡᠳᠥᠢᠢᠯᠨ ᠬᠡᠷᠡᠭᠯᠡᠳᠡᠭ ᠥᠭᠡᠢ᠂ ᠬᠣᠷᠰᠢᠬᠣ ᠨᠢ ᠠᠮᠠᠷ ᠳᠣᠯᠠ ᠡᠪᠥᠯ ᠦᠨ ᠳᠠᠰᠭᠢᠮ᠎ᠠ ᠬᠦᠢᠲᠡᠨ ᠴᠠᠭ ᠢᠢᠠᠷ ᠪᠠᠭ᠎ᠠ ᠪᠠᠷ ᠬᠡᠷᠡᠭᠯᠡᠳᠡᠭ᠃ ᠪᠣᠷᠴᠠᠯᠠᠵᠣ ᠬᠠᠳᠠᠭᠠᠯᠠᠳᠠᠭ ᠶᠣᠰᠣ ᠺᠠᠽᠠᠺ ᠦᠳ ᠳᠦ ᠪᠠᠢᠢᠳᠠᠭ᠃ ᠠᠳᠣᠭᠣ ᠪᠣᠯ ᠮᠣᠯᠣᠷ ᠡᠷᠳᠡᠨᠢ ᠢᠢᠨ ᠬᠥᠯᠥᠭ᠂ ᠬᠥᠰᠭᠡ᠂ ᠬᠡᠢᠢᠮᠣᠷᠢ ᠰᠥᠯᠳᠠ ᠢᠢᠨ ᠪᠡᠯᠭᠡ ᠳᠡᠮᠳᠡᠭ ᠪᠥᠯᠥᠭᠡ᠃ ᠳᠡᠥᠬᠡᠨ ᠡᠴᠡ ᠪᠡᠨ ᠮᠣᠷᠢᠨ ᠦ ᠨᠢᠷᠣᠭᠣᠨ ᠠᠴᠠ ᠪᠠᠭᠣᠯ ᠥᠭᠡᠢ ᠪᠡᠷ ᠮᠠᠯ ᠮᠠᠯᠯᠠᠵᠣ᠂ ᠠᠩ ᠠᠩᠨᠠᠨ᠂ ᠣᠷᠣᠨ ᠨᠣᠳᠣᠭ ᠢᠢᠠᠨ ᠬᠠᠮᠠᠭᠠᠯᠠᠵᠣ᠂ ᠥᠪᠡᠷ ᠦᠨ ᠡᠵᠡᠨᠳᠥ ᠲᠥᠷᠥ ᠪᠡᠨ ᠪᠠᠢᠢᠭᠣᠯᠣᠭᠰᠠᠨ ᠪᠣᠯᠬᠣ ᠪᠠᠷ ᠮᠣᠷᠢᠨ ᠳᠦ ᠪᠡᠨ ᠠᠰᠣᠷᠣ ᠬᠠᠢᠢᠷᠠᠳᠠᠢ ᠪᠢᠯᠡ᠃ ᠡᠢᠢᠨ ᠬᠥ ᠮᠣᠷᠢ ᠪᠠᠨ ᠣᠩᠭᠣᠯᠠᠵᠣ᠂ ᠰᠠᠢᠢᠨ ᠠᠵᠢᠷᠭ᠎ᠠ᠂ ᠰᠦᠨ ᠳᠡᠢ ᠭᠡᠭᠥᠥ ᠪᠡᠨ ᠪᠣᠰᠣᠳ ᠳᠦ ᠠᠷᠠᠯᠵᠢᠶᠠᠯᠠᠬᠣ ᠢᠢ ᠴᠡᠭᠡᠷᠯᠡᠳᠡᠭ᠃ ᠡᠢᠢᠨ ᠬᠥ ᠪᠣᠯᠬᠣ ᠪᠠᠷ ᠮᠠᠨ ᠦ ᠬᠢᠨ ᠮᠣᠷᠢ ᠪᠠᠨ ᠠᠯᠠᠵᠣ ᠢᠳᠡᠳᠡᠭ ᠥᠭᠡᠢ᠃ ᠬᠠᠷᠢᠨ ᠰᠣᠪᠠᠢ ᠭᠡᠭᠦᠦ ᠂ ᠥᠬᠢᠨ ᠰᠢᠳᠥᠯᠡᠩ ᠂ ᠳᠠᠭᠠᠨ ᠤ ᠮᠢᠬ᠎ᠠ ᠢᠢ ᠠᠮᠳᠠᠷᠠᠬᠠᠨ ᠢᠳᠡᠳᠡᠭ᠃ ᠥᠬᠥᠵᠥ ᠡᠨᠳᠡᠭᠰᠡᠨ ᠮᠣᠷᠢᠨ ᠦ ᠳᠣᠯᠣᠭᠣᠢ ᠢᠢ ᠮᠣᠯᠣᠷ ᠡᠷᠳᠡᠨᠢ ᠭᠡᠵᠥ ᠡᠷᠭᠥᠮᠵᠢᠯᠡᠵᠥ᠂ ᠲᠡᠭᠥᠨ ᠢ ᠭᠢᠰᠬᠢᠳᠡᠯ ᠳᠦ ᠳᠠᠭᠠᠷᠢᠭᠣᠯᠬᠣ ᠥᠭᠡᠢ᠂ ᠬᠥᠷᠥᠰᠥᠨ ᠳᠦ ᠳᠠᠷᠣᠭᠣᠯᠬᠣ ᠥᠭᠡᠢ ᠭᠡᠵᠥ ᠥᠨᠳᠥᠷ ᠠᠭᠣᠯᠠ ᠢᠢᠨ ᠣᠷᠣᠢ ᠳᠡᠭᠡᠷ᠎ᠡ ᠨᠠᠷᠠᠨ ᠮᠠᠨᠳᠣᠬᠣ ᠵᠥᠭ ᠬᠠᠨᠳᠣᠭᠣᠯᠣᠨ ᠳᠠᠯᠪᠢᠳᠠᠭ᠃ ᠡᠢᠢᠮᠥ ᠪᠣᠯᠬᠣ ᠪᠠᠷ ᠮᠠᠨ ᠦ ᠬᠢᠨ ᠠᠳᠣᠭᠣ ᠢᠢ ᠳᠡᠳᠥᠢ ᠠᠯᠠᠵᠦ ᠢᠳᠡᠳᠡᠭ ᠥᠭᠡᠢ᠃

《ᠮᠣᠩᠭᠣᠯᠴᠣᠳ ᠦᠨ ᠨᠡᠢᠢᠭᠡᠮ ᠦᠨ ᠪᠠᠢᠢᠭᠣᠯᠣᠯ ᠦᠨ ᠳᠡᠥᠬᠡ》 ᠳᠦ《ᠠᠳᠣᠭᠣ ᠪᠣᠯ ᠮᠣᠩᠭᠣᠯᠴᠣᠳ ᠦᠨ ᠡᠷᠳᠡᠨᠢ ᠢᠢᠨ ᠬᠥᠯᠥᠭ ᠪᠢᠯᠡ᠃ ᠲᠡᠭᠥᠨ ᠢ ᠳᠠᠢᠢᠨ ᠪᠠ ᠠᠪ ᠳᠦ ᠬᠡᠷᠡᠭᠯᠡᠳᠡᠭ ᠡᠴᠡ ᠭᠠᠳᠠᠨ᠎ᠠ ᠲᠡᠭᠥᠨ ᠦ ᠰᠥᠨ ᠢ ᠣᠮᠳᠠ ᠪᠣᠯᠭᠠᠨ᠂ ᠮᠢᠬ᠎ᠠ ᠢᠢ ᠢᠳᠡᠭᠡ ᠪᠣᠯᠭᠠᠳᠠᠭ》 ᠬᠡᠮᠡᠨ ᠳᠡᠮᠳᠡᠭᠯᠡᠭᠰᠡᠨ ᠡᠴᠡ ᠥᠵᠡᠪᠡᠯ ᠮᠥᠨ ᠮᠢᠬ᠎ᠠ ᠢᠢ ᠢᠳᠡᠵᠥ ᠪᠠᠢᠢᠭᠰᠠᠨ ᠨᠢ ᠴᠥ ᠳᠣᠳᠣᠷᠬᠠᠢ ᠪᠠᠢᠢᠨ᠎ᠠ᠃ ᠠᠳᠣᠭᠣᠨ ᠦ ᠮᠢᠬ᠎ᠠ ᠪᠣᠯ ᠣᠨᠴᠠᠭᠠᠢ ᠠᠮᠳᠠ ᠳᠠᠢ ᠪᠥᠭᠡᠳ ᠬᠠᠯᠠᠭᠣᠨ ᠴᠢᠨᠠᠷ ᠳᠠᠢ ᠶᠣᠮ᠃ ᠠᠳᠣᠭᠣᠨ ᠦ ᠮᠢᠬ᠎ᠠ ᠡᠪᠥᠯ ᠦᠨ ᠴᠠᠭ ᠳᠦ ᠴᠦ ᠬᠥᠯᠳᠡᠬᠥ ᠨᠢ ᠣᠳᠠᠭᠠᠨ ᠪᠠᠢᠢᠨ᠎ᠠ᠃ ᠡᠪᠥᠯ ᠦᠨ ᠴᠠᠭ ᠳᠦ ᠬᠡᠬᠡᠷ᠎ᠠ ᠭᠠᠳᠠᠭ᠎ᠠ ᠠᠩ ᠭᠥᠷᠥᠭᠡ ᠠᠶᠠᠨ ᠵᠢᠩ ᠳᠦ ᠶᠠᠪᠣᠬᠣ ᠳᠦ ᠳᠣᠯᠠᠭᠠᠨ ᠢᠯᠴᠢ᠂ᠳᠠᠭᠠᠭᠠᠮᠠᠭᠠᠢ ᠥᠯ ᠢ ᠨᠢ ᠰᠢᠮᠳᠡᠵᠥ ᠠᠳᠣᠭᠣᠨ ᠦ ᠮᠢᠬ᠎ᠠ ᠶᠡᠬᠡ ᠢᠳᠡᠳᠡᠭ ᠪᠠᠢᠢᠨ᠎ᠠ᠃ ᠠᠳᠣᠭᠣ ᠬᠡᠳᠦᠢᠪᠡᠷ ᠳᠠᠷᠭᠣᠨ ᠪᠣᠯᠪᠠᠴᠣ ᠳᠡᠭᠥᠨ ᠳᠦ ᠪᠥᠷᠬᠥᠭᠰᠡᠨ ᠥᠭᠡᠬᠥ ᠪᠠᠢᠢᠳᠠᠭ ᠥᠭᠡᠢ᠂ ᠴᠢᠨᠠᠵᠣ ᠪᠣᠯᠭᠣᠪᠠᠯ ᠵᠠᠭᠠᠷ ᠦᠨ ᠥᠨᠥᠷ ᠭᠠᠷᠳᠠᠭ᠃ ᠡᠢᠢᠮᠦ ᠪᠣᠯᠬᠣ ᠪᠠᠷ ᠠᠳᠣᠭᠣ ᠢᠢ ᠣᠨᠣᠬᠣ ᠪᠣᠶᠣ ᠳᠠᠭᠣᠵᠣ ᠰᠠᠢᠢᠳᠣᠷ ᠬᠥᠯᠥᠰᠥᠯᠡᠭᠡᠳ ᠭᠠᠷᠣᠭᠰᠠᠨ ᠬᠥᠯᠥᠰᠥ ᠢᠢ ᠬᠡᠳᠥᠨᠳᠠ ᠬᠣᠰᠣᠨ ᠠᠪᠴᠣ᠂ ᠢᠰᠡᠭᠡᠢ ᠪᠡᠷ ᠪᠥᠷᠢᠵᠥ ᠪᠢᠳᠡᠭᠥᠮᠵᠢᠯᠡᠠ ᠠᠯᠠᠬᠠᠣ ᠪᠣᠶᠣ ᠨᠣᠭᠣᠰᠣᠯᠠᠵᠣ ᠠᠯᠠᠳᠠᠭ᠃ ᠢᠩᠭᠢᠵᠥ ᠬᠥᠯᠥᠰᠥ ᠭᠠᠷᠣᠭᠰᠠᠠ ᠢᠢᠠᠷ ᠲᠡᠭᠥᠨ ᠦ ᠵᠠᠭᠠᠷ ᠦᠨ ᠥᠨᠥᠷ ᠨᠢ ᠵᠠᠮᠬᠠᠷᠠᠳᠠᠭ ᠃  ᠠᠳᠣᠭᠣᠨ ᠦ ᠮᠢᠬ᠎ᠠ ᠳᠣᠰᠣᠯᠢᠭ᠂ ᠬᠥᠨᠳᠥ᠂ ᠪᠥᠯᠢᠶᠡᠨ ᠴᠢᠨᠠᠷ ᠳᠠᠢ ᠳᠣᠯᠠ ᠬᠥᠢᠳᠡᠨ ᠬᠡᠢ ᠪᠣᠯᠣᠨ ᠬᠣᠳᠣᠭᠣᠳᠣ ᠪᠥᠭᠡᠷ᠎ᠠ ᠂ ᠪᠡᠯᠬᠡᠭᠥᠰᠥ᠂ ᠳᠣᠯᠣᠭᠠᠢ ᠢᠢᠨ ᠡᠪᠡᠳᠴᠢᠨ ᠢ ᠠᠷᠢᠯᠭᠠᠨ᠎ᠠ ᠭᠡᠳᠡᠭ᠃

ᠠᠳᠣᠭᠣᠨ ᠦ ᠠᠭᠣᠰᠬᠢ ᠨᠢ ᠠᠭᠣᠰᠬᠢ ᠨᠡᠪᠴᠢᠭᠰᠡᠨ ᠢ ᠠᠨᠠᠭᠠᠨ᠂ ᠳᠡᠯᠢᠭᠥᠥ ᠨᠢ ᠡᠷᠢᠶᠡᠰ ᠢᠶᠡᠷ ᠢ ᠨᠣᠮᠬᠠᠳᠬᠠᠨ ᠪᠦᠭᠡᠷᠡᠨ  ᠦ ᠬᠠᠯᠠᠭᠣᠨ ᠢ ᠠᠷᠢᠯᠭᠠᠵᠣ ᠂ ᠥᠭᠡᠬᠥ ᠨᠢ ᠥᠬᠡᠷ ᠢᠯᠢᠳᠦ ᠢᠢ ᠠᠷᠢᠯᠭᠠᠬᠣ ᠪᠠ ᠮᠢᠬ᠎ᠠ ᠨᠢ ᠬᠡᠢ ᠡᠪᠡᠳᠴᠢᠨ ᠬᠢᠭᠡᠳ ᠬᠥᠢᠳᠡᠨ ᠬᠡᠢ ᠢᠢ ᠵᠠᠰᠠᠳᠠᠭ ᠭᠡᠵᠥ 《ᠮᠣᠩᠭᠣᠯ ᠡᠮᠨᠡᠯᠭᠡ ᠢᠢᠨ ᠳᠡᠭᠥᠪᠥᠷᠢ》 ᠳᠦ ᠳᠡᠮᠳᠡᠭᠯᠡᠭᠰᠡᠨ ᠪᠠᠢᠢᠨ᠎ᠠ᠃ ᠠᠳᠣᠭᠣᠨ ᠦ ᠮᠢᠬ᠎ᠠ ᠢᠢ ᠴᠢᠨᠠᠵᠣ ᠪᠤᠯᠭᠤᠵᠦ ᠢᠳᠡᠬᠥ ᠪᠣᠶᠣ ᠳᠠᠪᠣᠰᠣᠯᠠᠵᠣ ᠬᠠᠳᠠᠭᠠᠭᠠᠳ ( ᠺᠠᠽᠠᠺ ᠦᠳ ᠺᠠᠽ ᠭᠡᠨ᠎ᠡ ) ᠰᠢᠷᠠᠵᠣ ᠢᠳᠡᠳᠡᠭ ᠃ ᠴᠢᠨᠠᠬᠣ ᠳᠤ ᠪᠠᠨ ᠲᠣᠭᠣᠭᠠᠨ ᠦ ᠲᠠᠭ ᠲᠠᠯᠪᠢᠳᠠᠭ ᠥᠭᠡᠢ᠃ ᠠᠳᠣᠭᠣᠨ ᠦ ᠮᠢᠬ᠎ᠠ ᠢᠢ ᠮᠥᠨ ᠣᠯᠠᠨ ᠶᠠᠩᠵᠣ ᠪᠠᠷ ᠬᠠᠭᠣᠷᠴᠣ᠂ ᠬᠠᠭᠠᠷᠢᠵᠣ ᠢᠳᠡᠵᠥ ᠪᠣᠯᠣᠨ᠎ᠠ᠃ ᠠᠳᠣᠭᠣᠨ ᠦ ᠳᠣᠰᠣᠨ ᠳᠦ ᠪᠣᠣᠪᠣ᠂ ᠪᠣᠭᠣᠷᠰᠣᠭ ᠪᠤᠯᠭᠤᠵᠦ ᠢᠳᠡᠵᠦ ᠪᠣᠯᠣᠨ᠎ᠠ᠃ ᠠᠳᠣᠭᠣᠨ ᠦ ᠳᠣᠰᠣᠨ ᠳᠦ ᠪᠣᠣᠪᠣ ᠪᠣᠭᠣᠷᠰᠣᠭ ᠪᠤᠯᠭᠤᠵᠦ ᠢᠳᠡᠪᠡᠯ ᠣᠯᠠᠭᠠᠨ ᠥᠩᠭᠡ ᠳᠡᠢ ᠪᠥᠭᠡᠳ ᠬᠥᠯᠳᠡᠵᠥ ᠬᠠᠳᠠᠭᠣᠷᠠᠬᠣ ᠥᠭᠡᠢ᠃ ᠠᠳᠣᠭᠣᠨ ᠦ ᠮᠢᠬ᠎ᠠ ᠢᠢ ᠭᠣᠣᠯᠳᠠᠭᠣ ᠡᠪᠦᠯ ᠦᠨ ᠬᠦᠢᠲᠡᠨ ᠳᠦ ᠬᠣᠯᠠ ᠵᠠᠮ ᠳᠦ ᠶᠠᠪᠣᠬᠣ ᠪᠣᠶᠣ ᠠᠩ ᠭᠥᠷᠥᠭᠡ ᠬᠢᠬᠥ ᠳᠦ ᠬᠥᠨᠡᠰᠥ ᠪᠣᠯᠭᠠᠳᠠᠭ᠃