  
ᠪ  ᠵ 
2019-07-23

 

ᠳᠥᠷᠥ ᠢᠢᠨ ᠨᠠᠭᠠᠳᠣᠮ ᠳᠦ ᠲᠥᠷᠥᠭᠥᠯᠡᠭᠰᠡᠨ ᠮᠣᠷᠢᠨ ᠳᠦ ᠲᠥᠮᠡᠨ ᠡᠬᠡ ᠴᠣᠯᠠ ᠣᠯᠭᠣᠳᠠᠭ ᠰᠠᠢᠢᠬᠠᠨ ᠵᠠᠩᠰᠢᠯ ᠮᠣᠩᠭᠣᠯ ᠲᠥᠮᠡᠨ ᠳᠦ ᠣᠯᠠᠨ ᠦᠶ᠎ᠡ ᠣᠯᠠᠮᠵᠢᠯᠠᠭᠳᠠᠨ ᠢᠷᠡᠵᠡᠢ ᠃

ᠪᠣᠭᠳᠠ ᠢᠢᠨ ᠳᠠᠩᠱᠢᠭ ᠳᠦ ᠠᠷᠪᠠᠨ ᠣᠳᠠᠭ᠎ᠠ ᠲᠥᠷᠥᠭᠥᠯᠡᠵᠥ ᠠᠯᠳᠠᠷ ᠴᠣᠯᠠ ᠪᠠᠨ ᠳᠠᠭᠣᠳᠠᠭᠣᠯᠣᠭᠰᠠᠨ ᠪᠣᠭᠣ ᠬᠠᠯᠢᠭᠣᠨ ᠂ ᠬᠡᠬᠡᠷ ᠠᠯᠠᠭ ᠵᠡᠷᠭᠡ ᠴᠣᠣ ᠳᠠᠢ ᠮᠣᠷᠢᠳ ᠢ ᠲᠣᠭᠠᠯᠠᠭᠠᠳ ᠪᠠᠷᠠᠰᠢ ᠥᠭᠡᠢ ᠃ ᠬᠠᠷᠢᠨ ᠣᠩᠰᠢᠭᠴᠢ ᠵᠠᠯᠠᠭᠣᠰ ᠳᠦ ᠮᠠᠨᠢ ᠬᠡᠷᠡᠭ ᠪᠣᠯᠬᠣ ᠪᠣᠯᠪᠠ ᠦᠦ ᠬᠡᠮᠡᠨ 1900-1908 ᠣᠨ ᠵᠠᠪᠰᠠᠷ ᠥᠭᠡᠢ ᠠᠷᠪᠠᠨ ᠣᠳᠠᠭ᠎ᠠ ᠲᠥᠷᠥᠭᠥᠯᠡᠭᠰᠡᠨ ᠲᠥᠮᠡᠨ ᠡᠬᠡ ᠬᠡᠬᠡᠷ ᠠᠯᠠᠭ ᠮᠣᠷᠢᠨ ᠦ ᠰᠢᠨᠵᠢ ᠢᠢ ᠪᠢᠴᠢᠪᠡᠯ ᠄ ᠪᠡᠶ᠎ᠡ ᠪᠡᠷ ᠥᠨᠳᠥᠷ ᠂ ᠡᠪᠴᠢᠭᠥᠥ ᠪᠠ ᠰᠠᠯᠳᠠᠭ᠎ᠠ ᠪᠠᠷ ᠢᠢᠠᠨ ᠥᠷᠭᠡᠨ ᠂ ᠲᠣᠯᠣᠭᠠᠢ ᠰᠠᠢᠢᠬᠠᠨ ᠂ ᠮᠠᠩᠨᠠᠢ ᠥᠷᠭᠡᠨ ᠂ ᠰᠣᠭᠣ ᠴᠢᠬᠢ ᠳᠡᠢ ᠂ ᠳᠠᠯ ᠰᠡᠭᠥᠯ ᠦᠨ ᠰᠢᠷᠬᠡᠭ ᠨᠠᠷᠢᠨ ᠰᠢᠩᠭᠡᠨ ᠂ ᠳᠠᠪᠰᠢᠶ᠎ᠠ ᠥᠷᠭᠡᠨ ᠂ ᠴᠡᠭᠡᠵᠢ ᠬᠠᠩᠬᠠᠷ ᠂ ᠬᠠᠯᠳᠠᠷ ᠠᠮᠠ ᠳᠠᠢ ᠂ ᠳᠥᠷᠪᠡᠨ ᠰᠢᠭᠢᠷ ᠴᠠᠭᠠᠨ ᠂ ᠵᠥᠪ ᠲᠠᠯ᠎ᠠ ᠢᠢᠨ ᠢᠢᠠᠨ ᠬᠠ ᠳᠡᠬᠡᠷ᠎ᠡ ᠠᠯᠠᠭ᠎ᠠ ᠳᠠᠷᠤᠮ᠎ᠠ ᠴᠠᠭᠠᠨ ᠳᠠᠢ ᠪᠠᠢᠢᠵᠣ ᠭᠡᠨ᠎ᠡ ᠃