  
ᠪ  ᠵ 
2019-07-23

 

ᠮᠣᠷᠢᠨ ᠦ ᠭᠣᠶᠣ ᠰᠠᠢᠢᠬᠠᠨ ᠵᠢᠰᠥ ᠨᠢ ᠄ ᠬᠥ᠋  ᠬᠠᠷ᠎ᠠ ᠂ ᠽᠠᠨᠳᠠᠨ ᠬᠥᠷᠡᠩ ᠬᠡᠬᠡᠷ ᠂ ᠪᠣᠭᠣ ᠬᠠᠯᠢᠭᠣᠨ ᠂ ᠬᠣᠯᠠ ᠥᠩᠭᠡ ᠳᠡᠢ ᠪᠠᠢᠢᠬᠣ ᠃ 

ᠮᠣᠷᠢᠨ ᠦ ᠰᠠᠢᠢᠬᠠᠨ ᠭᠠᠯᠪᠢᠷ ᠨᠢ ᠄ ᠴᠢᠬᠢ ᠪᠣᠰᠣᠭ᠎ᠠ ᠂ ᠬᠠᠮᠠᠷ ᠦᠨ ᠨᠥᠬᠡ ᠠᠭᠣᠣ ᠂ ᠮᠥᠭᠡᠷᠡᠨ (ᠪᠥᠷᠭᠥᠳ)  ᠬᠠᠮᠠᠷ ᠳᠠᠢ ᠂ ᠳᠣᠯᠣᠭᠠᠢ ᠬᠥᠵᠥᠭᠥᠥ ᠣᠷᠳᠣ ᠂ ᠮᠣᠨᠳᠠᠭ᠎ᠠ ᠥᠨᠳᠥᠷ ᠂ ᠪᠦᠭᠲᠦᠷᠭᠡ ᠶᠡᠬᠡ ᠂ ᠳᠠᠰᠢᠶ᠎ᠡ ᠥᠷᠭᠡᠨ ᠠᠬᠠᠷ ᠰᠠᠭᠥᠯ ᠣᠷᠳᠣ ᠂ ᠰᠡᠭᠥᠯ ᠰᠢᠩᠭᠡᠨ ᠂ ᠬᠥᠯ ᠰᠢᠯᠣᠭᠣᠨ ᠂ ᠪᠡᠷᠪᠡᠬᠡᠢ ᠪᠣᠰᠣᠭ᠎ᠠ ᠂ ᠲᠤᠭᠤᠷᠠᠢ ᠨᠢᠮᠭᠡᠨ ᠂ ᠴᠣᠮᠪᠣᠭᠣᠷ ᠂ ᠰᠢᠷᠬᠡᠭ ᠪᠣᠰᠣᠭ᠎ᠠ ᠳᠠᠢ ᠪᠠᠢᠢᠬᠤ ᠂ ᠬᠥᠬᠥᠯ ᠱᠠᠩᠬᠣ ᠣᠷᠳᠣᠪᠳᠣᠷ ᠂ ᠳᠠᠯ ᠰᠣᠮᠣᠨ ᠪᠠᠢᠢᠬᠣ ᠃

ᠮᠣᠷᠢᠨ ᠦ ᠰᠠᠢᠢᠬᠠᠨ ᠶᠠᠪᠣᠳᠠᠯ ᠨᠢ ᠄ ᠵᠠᠮ ᠦᠨ ᠰᠠᠢᠢᠪᠣᠷ ᠭᠥᠶᠥᠨ ᠬᠠᠷ᠎ᠠ ᠠᠯᠬᠣᠭ᠎ᠠ ᠲᠡᠭᠰᠢ ᠬᠠᠳᠠᠷᠢᠵᠣ ᠪᠠᠢᠢᠬᠣ ᠃

ᠣᠷᠣᠯᠳᠣᠭᠠᠨ ᠦ ᠮᠣᠷᠢᠨ ᠦ ᠨᠠᠰᠣ ᠄ ᠶᠡᠬᠡ ᠨᠠᠰᠣ ᠂ ᠠᠵᠢᠷᠭ᠎ᠠ ᠂ ᠬᠢᠵᠠᠭᠠᠯᠠᠩ ᠂ ᠰᠤᠶᠤᠭᠠᠯᠠᠩ ᠂ ᠰᠢᠳᠥᠯᠡᠩ ᠳᠠᠭ᠎ᠠ ᠡᠢᠢᠮᠥ ᠵᠢᠷᠭᠣᠭᠠᠨ ᠨᠠᠰᠣᠨ ᠦ ᠮᠣᠷᠢᠳ ᠢ  ᠰᠤᠢᠢᠨ ᠣᠷᠣᠯᠳᠣᠭᠣᠯᠳᠠᠭ ᠃

ᠣᠷᠣᠯᠳᠣᠭᠠᠨ ᠦ ᠮᠣᠷᠢ ᠢᠢ ᠬᠥᠯᠥᠰᠥᠯᠡᠬᠥ᠌ ᠄  ᠮᠣᠷᠢᠨ ᠦ ᠬᠥᠪᠴᠢᠷᠡᠭᠰᠡᠨ ᠰᠢᠨᠳᠠᠰᠣ ᠢᠢ ᠲᠡᠨᠢᠢᠯᠭᠡᠬᠥ ᠂ ᠬᠥᠴᠥ ᠲᠠᠷᠭᠣ ᠢᠢ ᠨᠢᠮᠭᠡᠯᠡᠬᠥ ᠢᠢᠨ ᠲᠣᠯᠠᠳᠠ ᠬᠥᠯᠥᠰᠥᠯᠡᠳᠡᠭ ᠃ ᠮᠣᠷᠢ ᠢᠢ ᠵᠠᠳᠠᠭᠠᠢ ᠬᠥᠯᠥᠰᠥᠯᠡᠬᠥ ᠂ ᠪᠢᠳᠡᠭᠥᠥ ᠬᠥᠯᠥᠰᠥᠯᠡᠬᠥ ᠭᠡᠵᠥ ᠬᠣᠶᠠᠷ ᠶᠠᠩᠵᠣ ᠪᠠᠢᠢᠳᠠᠭ ᠃

ᠨᠢᠮᠭᠡᠨ ᠠᠷᠠᠰᠣ ᠳᠠᠢ ᠂ ᠥᠩᠭᠡᠨ ᠳᠠᠷᠭᠣ ᠲᠠᠢ ᠮᠣᠷᠢᠳ ᠢ ᠵᠠᠳᠠᠭᠠᠢ ᠬᠥᠯᠥᠰᠥᠯᠡᠳᠡᠭ ᠃

ᠵᠣᠵᠠᠭᠠᠨ ᠠᠷᠠᠰᠣ ᠳᠠᠢ᠂ ᠬᠠᠳᠠᠭᠣ ᠣᠳᠣᠮ ᠳᠠᠢ ᠮᠣᠷᠢ ᠢᠢ ᠪᠢᠳᠡᠭᠥᠥ (ᠢᠰᠡᠭᠡᠢ ᠴᠡᠩᠮᠠ) ᠮᠡᠳᠥ ᠪᠡᠷ ᠨᠡᠮᠨᠡᠨ ᠬᠥᠯᠥᠰᠥᠯᠡᠳᠡᠭ ᠃

ᠮᠣᠷᠢᠨ ᠦ ᠰᠢᠪᠠᠷ ᠬᠥᠯᠥᠰᠥ ᠢᠢ ᠰᠢᠪᠬᠠᠵᠣ ᠬᠥᠭᠡᠭᠡᠭᠰᠡᠨ ᠬᠥᠯᠥᠰᠥ ᠢᠢ ᠬᠥᠭᠡᠷᠥᠭᠥᠯᠵᠥ ᠣᠰᠣᠨ ᠬᠥᠯᠥᠰᠥ ᠢᠢ ᠰᠢᠪᠬᠠᠵᠣ ᠬᠥᠯᠥᠰᠥ ᠢᠢ ᠬᠥᠭᠡᠷᠥᠭᠥᠯᠵᠥ ᠣᠰᠣᠨ ᠬᠥᠯᠥᠰᠥ ᠢᠢ ᠨᠢ ᠣᠷᠣᠰᠴᠣ ᠡᠬᠢᠯᠡᠬᠥ ᠳᠦ ᠮᠣᠷᠢᠨ ᠦ ᠰᠣᠢᠢᠯᠭ᠎ᠠ ᠳᠠᠭᠠᠷᠠᠵᠣ ᠬᠥᠯᠥᠭ ᠦᠨ ᠪᠡᠶ᠎ᠡ ᠡᠴᠡ ᠰᠢᠷᠬᠡᠭ ᠢ ᠨᠢ ᠲᠣᠭᠠᠯᠠᠵᠣ ᠪᠤᠯᠤᠮ᠎ᠠ ᠪᠥᠩᠵᠢᠭᠡᠨᠡᠬᠥ ᠥᠷᠢᠯ ᠬᠥᠯᠥᠰᠥ ᠭᠠᠷᠳᠠᠭ ᠃ ᠡᠭᠥᠨ ᠢ ᠰᠣᠪᠣᠳ ᠬᠥᠯᠥᠰᠥ ᠭᠡᠳᠡᠭ ᠃

ᠰᠣᠪᠣᠳ ᠬᠥᠯᠥᠰᠥ ᠨᠢ ᠣᠨᠠᠭᠠᠨ ᠬᠥᠯᠥᠭ ᠦᠨ ᠣᠶᠠᠭ᠎ᠠ ᠬᠠᠨᠤᠭᠰᠠᠨ ᠳᠤᠬᠢᠶ᠎ᠠ ᠃ ᠮᠣᠷᠢᠨ ᠦ ᠬᠥᠯᠥᠰᠥ ᠢᠢ ᠪᠠᠭ᠎ᠠ ᠥᠰᠥᠷᠭᠡ ᠂ ᠳᠣᠮᠳᠠ ᠥᠰᠥᠷᠭᠡ ᠂ ᠶᠡᠬᠡ ᠥᠰᠥᠷᠭᠡ ᠪᠣᠶᠣ ᠨᠠᠭᠠᠳᠣᠮ ᠦᠨ ᠡᠮᠥᠨᠡᠬᠢ ᠰᠣᠩᠭᠠᠭ᠎ᠠ ᠪᠡᠷ ᠠᠪᠳᠠᠭ ᠃ ᠮᠣᠷᠢᠨ ᠦ ᠰᠣᠢᠢᠯᠭ᠎ᠠ ᠲᠠᠭᠠᠷᠠᠭᠰᠠᠨ ᠡᠰᠡᠬᠥ ᠨᠢ ᠶᠡᠬᠡ ᠰᠣᠩᠭᠠᠭᠠᠨ ᠦ ᠦᠶ᠎ᠡ ᠳᠦ ᠯᠠ ᠮᠡᠳᠡᠭᠳᠡᠨ᠎ᠡ᠃

ᠣᠷᠣᠯᠳᠣᠭᠠᠨ ᠦ ᠮᠣᠷᠢᠳ ᠦᠨ ᠵᠠᠮ ᠄ ᠶᠡᠬᠡ ᠨᠠᠰᠣᠨ ᠦ ᠮᠣᠷᠢ 25-30 ᠺᠢᠯᠤᠮᠧᠲ᠋ᠷ ᠂ ᠰᠣᠶᠣᠭᠠᠯᠠᠩ ᠂ ᠠᠵᠢᠷᠭ᠎ᠠ 20 ᠺᠢᠯᠣᠮᠸᠲ᠋ᠷ᠂ ᠬᠢᠵᠠᠭᠠᠯᠠᠩ 18 ᠺᠢᠯᠣᠮᠸᠲ᠋ᠷ ᠂ ᠰᠢᠳᠥᠯᠡᠩ 15 ᠺᠢᠯᠣᠮᠸᠲ᠋ᠷ ᠂ ᠳᠠᠭ᠎ᠠ 10 ᠺᠢᠯᠣᠮᠸᠲ᠋ᠷ ᠵᠠᠮ ᠳᠦ ᠣᠷᠣᠯᠳᠣᠭᠠᠳ ᠪᠠᠷᠢᠶᠠᠨ ᠳᠦ ᠣᠷᠣᠳᠠᠭ ᠃

ᠮᠣᠷᠢᠨ ᠦ ᠴᠣᠯᠠ ᠢᠢ 108 ᠵᠢᠰᠥᠨ ᠳᠦ ᠳᠥᠢᠴᠡᠭᠥᠯᠥᠨ ᠥᠭᠳᠡᠭ ᠰᠠᠢᠢᠬᠠᠨ ᠣᠯᠠᠮᠵᠢᠯᠠᠯ ᠳᠠᠢ ᠃ ᠵᠢᠱᠢᠢ᠎ᠡ ᠨᠢ᠄

ᠬᠠᠯᠵᠠᠨ ᠰᠠᠷᠠ ᠳᠠᠢ ᠵᠢᠰᠥᠮ ᠦᠨ ᠮᠣᠷᠢᠨ ᠳᠦ᠄

ᠳᠣᠳᠣ ᠮᠠᠩᠨᠠᠢ ᠲᠣᠷᠭᠠᠨ ᠵᠢᠯᠣᠭᠣ ᠂ ᠡᠳᠥᠷ ᠦᠨ ᠣᠳᠣ ᠬᠤᠨ ᠦ ᠥᠳᠥ

ᠬᠠᠷ᠎ᠠ ᠪᠠᠷᠠᠭᠠᠨ ᠵᠢᠰᠥᠨ ᠦ ᠮᠣᠷᠢᠨ ᠳᠦ᠄

ᠬᠠᠷᠠᠩᠬᠣᠢ ᠰᠥᠨᠢ ᠢᠢᠨ ᠮᠥᠨᠳᠥᠷ ᠂ ᠬᠠᠷᠪᠣᠬᠣ ᠰᠣᠯᠢᠷ ᠦᠨ ᠮᠥᠷ ᠂ ᠪᠠᠷᠳᠠᠭᠠᠳ ᠢᠷᠡᠭᠴᠢ ᠬᠢᠩᠭ᠎ᠠ ᠂ ᠪᠠᠷᠠᠯᠠᠨ ᠢᠷᠡᠭᠴᠢ ᠠᠶᠣᠩᠭ᠎ᠠ

ᠰᠢᠷᠭ᠎ᠠ ᠭᠣᠣᠯ ᠰᠢᠷᠭ᠎ᠠ ᠵᠢᠰᠥᠨ ᠦ ᠮᠣᠷᠢᠨ ᠳᠦ᠄ ᠭᠠᠳᠠᠭᠠᠳᠣ ᠳᠠᠯᠠᠢ ᠢᠢᠨ ᠬᠠᠯᠭᠢᠳᠠᠰᠣ᠂ ᠭᠠᠩᠭ᠎ᠠ ᠮᠥᠷᠡᠨ ᠦ ᠴᠠᠯᠭᠢᠳᠠᠰᠣ᠂ ᠬᠥᠩᠭᠡᠨ ᠰᠣᠮᠣ ᠨᠢᠮᠭᠡᠨ ᠵᠡᠪᠡ ᠃

ᠵᠡᠭᠡᠷᠳᠡ ᠬᠠᠯᠢᠭᠣᠨ ᠵᠢᠰᠥᠮ ᠦᠨ ᠮᠣᠷᠢᠨ ᠳᠦ᠄

ᠵᠢᠮ ᠦᠨ ᠪᠣᠷᠣ ᠳᠠᠣᠯᠠᠢ᠂ ᠵᠢᠭᠥᠷᠳᠡᠨ ᠪᠣᠷᠣ ᠬᠠᠷᠢᠶᠠᠴᠠᠢ

ᠣᠯᠠᠨ ᠣᠳᠠᠭ᠎ᠠ ᠲᠥᠷᠥᠭᠥᠯᠡᠭᠰᠡᠨ ᠲᠥᠮᠡᠨ ᠡᠬᠡ ᠮᠣᠷᠢᠨ ᠦ ᠴᠣᠯᠠ ᠳᠡᠭᠡᠷ᠎ᠡ ᠨᠡᠮᠡᠨ ᠴᠢᠮᠡᠭ ᠥᠭᠳᠡᠭ᠃ ᠳᠣᠬᠠᠢᠢᠯᠠᠪᠠᠯ᠄

ᠡᠩᠬᠡ ᠠᠮᠣᠭᠣᠯᠠᠩ ᠡᠯᠪᠡᠭ ᠵᠢᠷᠭᠠᠯᠠᠩ ᠂ ᠬᠥᠴᠥ ᠴᠢᠳᠠᠯ ᠢ ᠭᠠᠢᠢᠬᠠᠭᠣᠯᠣᠭᠴᠢ ᠂ ᠬᠥᠮᠥᠨ ᠦ ᠰᠡᠳᠭᠢᠯ ᠢ ᠪᠠᠶᠠᠰᠬᠠᠭᠣᠯᠣᠭᠴᠢ᠂ ᠪᠠᠬᠠᠳᠴᠣ᠂ ᠪᠠᠷᠠᠰᠢ ᠥᠭᠡᠢ᠂ ᠳᠠᠪᠬᠢᠵᠣ ᠢᠷᠡᠭᠰᠡᠨ ᠬᠠᠩᠭᠠᠢ ᠢᠢᠨ ᠪᠣᠭᠣ᠂ ᠳᠠᠭᠠᠷᠢᠵᠥ ᠢᠷᠡᠭᠰᠡᠨ ᠳᠠᠢᠢᠨ ᠦ ᠬᠥᠯᠥᠭ ᠂ ᠬᠥᠮᠥᠨ ᠵᠣᠨ ᠢ ᠪᠠᠶᠠᠰᠬᠠᠭᠣᠯᠣᠭᠴᠢ ᠬᠥᠭᠵᠢᠶᠡᠨ ᠪᠠᠶᠠᠰᠣᠯ ᠢ ᠣᠨᠳᠣᠷᠣᠭᠣᠯᠣᠭᠴᠢ᠂ ᠣᠯᠠᠮ ᠨᠡᠮᠡᠨ ᠬᠣᠷᠳᠣᠯᠠᠬᠣ᠂ ᠣᠷᠣᠭᠰᠢ ᠳᠠᠪᠬᠢᠨ ᠲᠥᠷᠥᠭᠥᠯᠡᠭᠴᠢ᠂ ᠲᠥᠪ ᠳᠠᠶᠠᠭᠠᠷ ᠲᠥᠮᠡᠨ ᠦ ᠲᠣᠭᠳᠠᠭᠠᠯ ᠭᠡᠬᠥ ᠮᠡᠳᠥ ᠪᠡᠷ ᠴᠢᠮᠡᠭ ᠬᠠᠢᠢᠷᠠᠯᠠᠳᠠᠭ᠃