 
 
2019-08-05

 

ᠰᠠᠢᠢᠬᠠᠨ ᠵᠠᠭᠠᠯ ᠮᠣᠷᠢ ᠳᠠᠢ ᠪᠠᠢᠯ᠎ᠠ

ᠰᠠᠨᠠᠭᠠᠨ ᠦ ᠳᠤᠷ᠎ᠠ ᠪᠠᠷ ᠡᠭᠥᠷᠢᠳᠡ ᠬᠠᠨᠢᠯᠠᠭᠰᠠᠨ ᠥᠭᠡᠢ

ᠨᠠᠢᠮᠠᠨ ᠴᠢᠮᠡᠭᠳᠥ ᠡᠮᠡᠭᠡᠯ ᠶᠣᠭᠠᠨ ᠡᠷᠭᠥᠵᠥ

ᠨᠠᠰᠣᠨ ᠳᠣᠷᠰᠢ ᠵᠣ ᠨᠢᠷᠣᠭᠣᠨ ᠳᠦ ᠨᠢ ᠳᠠᠭᠠᠷᠠᠭᠣᠯᠣᠭᠰᠠᠨ ᠥᠭᠡᠢ

ᠰᠠᠯᠬᠢᠨ ᠣᠷᠣᠰᠬᠣ ᠶᠡᠬᠡ ᠲᠠᠯ᠎ᠠ ᠪᠠᠨ

ᠰᠠᠷᠠᠭᠣᠯᠬᠠᠨ ᠬᠥᠬᠡ ᠲᠩᠷᠢ ᠬᠡᠮᠡᠪᠡᠰᠥ

ᠣᠳᠣᠳ ᠰᠢᠬ ᠮᠢᠷᠠᠯᠵᠠᠭᠰᠠᠨ ᠰᠥᠷᠥᠭ ᠳᠣᠮᠳᠠ ᠪᠠᠨ

ᠰᠠᠷᠠᠨ ᠮᠡᠳᠥ ᠰᠣᠳᠣᠨ ᠮᠣᠷᠢ ᠮᠢᠨᠢ

ᠵᠠᠯᠠᠭᠣ ᠨᠠᠰᠣ ᠳᠠᠭᠣᠣ ᠨᠠᠷᠭᠢᠶᠠᠨ ᠬᠥᠭᠡᠭᠡᠵᠥ

ᠵᠠᠭᠠᠯ ᠮᠠᠷᠢ ᠪᠠᠷ ᠢᠢᠠᠨ ᠠᠯᠣᠰᠬᠠᠨ ᠨᠠᠢᠢᠷ ᠳᠦ ᠣᠴᠢᠳᠠᠭ ᠪᠠᠢᠢᠵᠠᠢ

ᠵᠠᠢᠢᠯᠠᠭᠣᠯ ᠭᠡᠷᠭᠡᠢ ᠮᠢᠨᠢ ᠥᠨᠵᠢᠭᠦᠳᠡ ᠬᠣᠨᠣᠭᠣᠳᠠ ᠵᠣᠪᠠᠬᠣ ᠳᠤ ᠪᠠᠨ

ᠵᠠᠭᠠᠯ ᠢᠢᠠᠨ ᠣᠨᠣᠵᠣ ᠶᠠᠪᠣᠭ᠎ᠠ ᠳᠠ ᠭᠡᠵᠥ ᠠᠮᠣᠰᠬᠢᠳᠡᠭ ᠪᠠᠢᠢᠵᠠᠢ

ᠬᠠᠷᠠᠯᠠᠬᠣ ᠬᠠᠷᠭᠣᠢ ᠢᠢᠨ ᠳᠣᠪ ᠳᠡᠷᠡᠯᠡᠨ ᠣᠨᠠᠵᠣ

ᠬᠠᠯᠠᠮᠴᠭᠣᠣ ᠪᠡᠶ᠎ᠡ ᠬᠥᠳᠡᠭᠡ ᠳᠦ ᠭᠠᠭᠴᠠᠭᠠᠷ ᠬᠡᠪᠳᠡᠵᠥ ᠥᠵᠡᠭᠰᠡᠨ

ᠳᠡᠭᠡᠬᠥ ᠳᠦ ᠮᠢᠨᠣ ᠵᠠᠭᠠᠯ ᠡᠮᠡᠭᠡᠯ ᠳᠡᠢ ᠪᠡᠨ ᠳᠡᠷᠭᠡᠳᠡ ᠬᠥᠯᠢᠶᠡᠵᠥ

ᠲᠩᠷᠢ ᠭᠠᠵᠠᠷ ᠦᠨ ᠬᠣᠭᠣᠷᠣᠨᠳᠣ ᠲᠡᠷᠡ ᠮᠢᠨᠢ ᠯᠠ ᠠᠪᠣᠷᠠᠭᠰᠠᠨ

ᠳᠥᠷᠪᠡᠨ ᠥᠷᠳᠡᠭᠡ ᠳᠦ ᠵᠢᠯᠣᠭᠣ ᠳᠠᠳᠠᠯ ᠥᠭᠡᠢ

ᠳᠥᠷᠥᠭᠡ ᠵᠢᠭᠢᠨ ᠰᠠᠢᠢᠬᠠᠨ ᠵᠠᠭᠠᠯ ᠢᠢᠠᠷ ᠢᠢᠠᠨ ᠳᠠᠪᠬᠢᠵᠣ

《ᠥᠭᠡᠳᠡ ᠪᠣᠯᠬᠣ ᠨᠢ ᠡ ᠂ ᠢᠷᠡᠭᠡᠴᠢ》 ᠭᠡᠰᠡᠨ ᠪᠣᠭᠣᠷᠣᠯ ᠦᠨ ᠳᠦ ᠪᠡᠨ ᠣᠴᠢᠬᠣ ᠳᠦ 

ᠥᠪᠡᠷ ᠳᠥ ᠮᠢᠨᠢ ᠵᠠᠬᠢᠬᠣ ᠥᠭᠡ ᠪᠡᠨ ᠬᠡᠯᠡᠵᠥ ᠪᠠᠢᠢᠬᠣ ᠳᠦ ᠨᠢ ᠵᠣᠯᠭᠠᠭᠰᠠᠨ

ᠠᠶᠠᠨ ᠦ ᠪᠣᠭᠴᠣ ᠢᠢᠨ ᠰᠣᠷ ᠥᠳᠡᠭᠡᠰᠥ ᠴᠢᠩᠭᠠᠯᠠᠵᠣ

ᠠᠯᠳᠠᠷᠠᠢᠢᠬᠠᠨ ᠪᠡᠶ᠎ᠡ ᠭᠥᠩᠵᠥ ᠵᠠᠮ ᠳᠦ ᠭᠠᠷᠬᠣ ᠳᠦ

ᠠᠮᠠᠷᠠᠭ ᠮᠢᠨᠢ ᠴᠠᠭᠠᠨ ᠰᠥᠨ ᠢᠢᠡᠷ ᠳᠥᠷᠥᠭᠡ ᠮᠢᠯᠢᠶᠡᠬᠣ ᠳᠤ ᠪᠠᠨ

ᠠᠯᠵᠠᠬᠣ ᠥᠭᠡᠢ ᠡ ᠬᠥ ᠵᠠᠭᠠᠯ ᠴᠢᠨᠢ ᠳᠥᠰᠢᠨ᠎ᠡ ᠭᠡᠳᠡᠭ ᠰᠡᠨ

ᠰᠠᠢᠢᠬᠠᠨ ᠵᠠᠭᠠᠯ ᠦᠨ ᠢᠢᠠᠨ ᠨᠠᠢᠮᠠᠨ ᠭᠠᠨᠵᠣᠭ᠎ᠠ ᠰᠣᠩᠭᠠᠵᠣ 

ᠰᠠᠯᠬᠢ ᠱᠣᠣᠭᠢᠭᠣᠯᠬᠣ ᠬᠠᠳᠠᠷᠢᠭᠠᠨ ᠳᠦ 《ᠳᠥᠷᠪᠡᠨ ᠴᠠᠭ》ᠢᠰᠭᠡᠷᠴᠥ ᠶᠠᠪᠤᠯ᠎ᠠ

ᠰᠠᠷᠠᠨ ᠮᠡᠯᠳᠡᠢᠢᠭᠰᠡᠨ ᠰᠥᠨᠢ ᠪᠡᠷ ᠨᠣᠭᠣᠭᠠᠨ ᠲᠠᠯ᠎ᠠ ᠪᠥᠮᠪᠥᠷᠳᠡᠵᠥ

ᠰᠠᠨᠠᠭᠰᠠᠨ ᠢᠨᠠᠭ ᠦᠨ ᠢᠢᠠᠨ ᠴᠠᠭᠠᠨ ᠭᠡᠷ ᠢ ᠵᠣᠷᠢᠵᠣ ᠶᠠᠪᠤᠯ᠎ᠠ

ᠨᠠᠢᠮᠠᠨ ᠴᠢᠮᠡᠭᠳᠥ ᠡᠮᠡᠭᠡᠯ ᠶᠣᠭᠠᠨ ᠡᠷᠭᠥᠵᠥ

ᠨᠠᠰᠣᠨ ᠳᠣᠷᠰᠢ ᠵᠣ ᠨᠢᠷᠣᠭᠣᠨ ᠳᠦ ᠨᠢ ᠳᠠᠭᠠᠷᠠᠭᠣᠯᠵᠣ

ᠡᠷ᠎ᠡ ᠢᠢᠨ ᠳᠥᠰᠢᠭ ᠰᠠᠢᠢᠬᠠᠨ ᠵᠠᠭᠠᠯ ᠮᠣᠷᠢ ᠪᠠᠨ

ᠡᠭᠡᠨᠡᠭᠳᠠ ᠡᠳ᠋ᠯᠡᠬᠥ ᠳᠠᠪᠢᠯᠠᠩ ᠢ ᠪᠢ ᠥᠪᠡᠷ ᠢᠢᠡᠨ ᠳᠥᠯᠬᠢᠭᠰᠡᠨ

ᠳᠥᠷᠬᠥ ᠥᠭᠡᠢ ᠵᠠᠯᠠᠭᠣ ᠢᠢᠨ ᠪᠣᠳᠣᠯ ᠮᠠᠢᠮᠠᠢ ᠢᠢᠨ ᠳᠣᠩ ᠳᠣᠰᠴᠣ

ᠳᠥᠭᠡ ᠴᠠᠭᠠᠨ ᠭᠠᠩᠰᠠ ᠬᠣᠶᠠᠷ ᠵᠠᠯᠠᠭᠣ ᠮᠣᠷᠢ ᠪᠠᠷ ᠥᠭᠴᠥ

ᠳᠥᠬᠥᠮ ᠦᠨ ᠬᠥᠮᠥᠨ ᠦ ᠨᠣᠭᠲᠣᠨ ᠳᠦ ᠡᠷᠳᠡᠨᠢᠳᠥ ᠳᠣᠯᠣᠭᠠᠢ ᠢᠢ ᠨᠢ ᠡᠷᠭᠥᠬᠥ ᠳᠦ

ᠲᠥᠷᠥᠯ ᠰᠢᠭ ᠪᠣᠯᠣᠭᠰᠠᠨ ᠵᠠᠭᠠᠯ ᠢ ᠪᠠᠨ ᠣᠬᠢᠯᠠᠭᠣᠯᠪᠠ ᠦᠦ ᠳᠠ ᠭᠡᠵᠥ ᠬᠠᠷᠠᠭᠰᠠᠨ

ᠴᠡᠩ ᠴᠡᠩ ᠦᠨ ᠳᠣᠪᠣᠷᠣᠣ ᠳᠠᠢ ᠬᠠᠷ᠎ᠠ ᠰᠣᠷ ᠬᠠᠵᠠᠭᠠᠷ ᠢᠢᠡᠨ

ᠴᠡᠪᠡᠷ ᠣᠷᠠᠨ ᠳᠣᠯᠣᠭᠠᠢ ᠠᠴᠠ ᠨᠢ ᠬᠠᠩᠭᠢᠨᠠᠭᠣᠯᠣᠨ ᠪᠠᠢᠢᠵᠣ ᠠᠪᠬᠣ ᠳᠤ ᠪᠠᠨ 

ᠴᠡᠭᠡᠵᠢ ᠵᠢᠷᠥᠬᠡᠨ ᠳᠦ ᠬᠠᠷᠠᠮᠰᠠᠯ ᠪᠠᠭᠣᠵᠣ ᠪᠣᠴᠠᠮᠠᠷ ᠪᠠᠢᠢᠬᠰᠠᠨ ᠴᠦ

ᠴᠡᠬᠡ ᠰᠢᠯᠣᠭᠣᠨ ᠡᠷ᠎ᠡ ᠬᠡᠮᠡᠭᠳᠡᠢ ᠡ ᠭᠡᠵᠥ ᠨᠡᠷᠡᠯᠬᠡᠭᠡᠳ ᠪᠣᠴᠠᠭ᠎ᠠ ᠦᠭᠡᠢ

ᠬᠥᠮᠥᠨ ᠦ ᠨᠣᠳᠣᠭ ᠦᠨ ᠣᠰᠣ ᠡᠪᠡᠰᠥ ᠢᠢ ᠣᠷᠬᠢᠨ ᠭᠥᠶᠥᠵᠥ

ᠬᠥᠭᠡᠷᠥᠬᠥᠢ ᠵᠠᠭᠠᠯ ᠮᠢᠨᠢ ᠳᠡᠩᠴᠡᠵᠥ ᠪᠣᠰᠣᠭᠰᠠᠨ ᠲᠠᠯ᠎ᠠ ᠳᠤ ᠪᠠᠨ ᠨᠢᠭᠡ ᠢᠷᠡᠭᠰᠡᠨ

ᠬᠥᠬᠥᠮᠳᠡᠭ ᠣᠨᠢᠶᠠᠷ ᠳᠦ ᠬᠠᠪᠣᠷ ᠢᠢᠠᠷ ᠨᠡᠬᠡᠭᠰᠡᠨ ᠡᠵᠡᠨ ᠳᠦ ᠨᠢ ᠪᠠᠰᠠ ᠯᠠ ᠥᠭᠴᠥ

ᠬᠥᠳᠥᠯ ᠦᠨ ᠴᠠᠭᠠᠳᠣ ᠤᠷᠤᠭᠤ ᠬᠣᠨᠳᠣᠯᠠᠢ ᠨᠢ ᠳᠣᠪᠣᠯᠵᠠᠨ ᠳᠠᠯᠳᠠᠷᠠᠬᠣ ᠢᠢ ᠬᠠᠷᠠᠭᠰᠠᠨ

ᠠᠩᠬᠠᠨ ᠦ ᠭᠥᠶᠥᠯᠳᠠ ᠠᠴᠠ ᠪᠡᠨ ᠬᠣᠢᠢᠰᠢ ᠵᠠᠭᠠᠯ ᠮᠣᠷᠢ ᠮᠢᠨᠢ

ᠠᠬᠢᠵᠣ ᠨᠠᠳᠠ ᠳᠤ ᠪᠠᠨ ᠂ ᠣᠨᠠᠭᠠᠨ ᠢᠵᠢᠯᠢ ᠳᠤ ᠪᠠᠨ ᠢᠷᠡᠭᠰᠡᠨ ᠥᠭᠡᠢ

ᠠᠭᠳᠠ ᠢᠢᠨ ᠮᠠᠩᠯᠠᠢ᠂ ᠬᠠᠢᠢᠷᠠᠳᠣ ᠬᠥᠯᠥᠭ ᠢᠢᠡᠨ ᠬᠥᠮᠥᠨ ᠦ ᠨᠣᠭᠳᠣᠨ ᠳᠦ ᠣᠷᠣᠭᠣᠯᠣᠭᠰᠠᠨ ᠥᠭᠡᠢ

ᠠᠷᠠᠴᠢᠭ᠎ᠠ ᠨᠢ ᠥᠭᠡᠢ ᠡᠵᠡᠨ ᠨᠠᠮᠠᠢᠢ ᠪᠠᠨ ᠡᠭᠥᠷᠢᠳᠡ ᠣᠷᠬᠢᠭᠰᠠᠨ ᠪᠠᠢᠢᠨ᠎ᠠ᠃

ᠣᠷᠭᠣᠬᠣ ᠨᠠᠷᠠᠨ ᠪᠥᠬᠥᠨ ᠢᠢᠡᠷ ᠠᠳᠣᠭᠣ ᠪᠠᠨ ᠪᠢ ᠬᠣᠮᠢᠬᠣ ᠳᠤ ᠪᠠᠨ 

ᠣᠨᠠᠭᠠᠨ ᠵᠠᠭᠠᠯ ᠮᠣᠷᠢ ᠪᠠᠨ ᠳᠠᠩᠳᠠ ᠯᠠ ᠳᠣᠷᠠᠰᠴᠣ ᠶᠠᠪᠣᠨ᠎ᠠ᠃

ᠣᠷᠳᠣ ᠴᠠᠭᠠᠨ ᠭᠠᠩᠰᠠᠨ ᠳᠤ ᠪᠠᠨ ᠭᠠᠯᠵᠠᠭᠣ ᠣᠯᠠᠭᠠᠨ ᠨᠡᠷᠡᠪᠡᠴᠥ

ᠤᠨᠤᠭ᠎ᠠ ᠮᠠᠭᠣᠳᠠᠢᠢᠬᠠᠨ ᠰᠢᠬ ᠯᠠ ᠶᠠᠪᠣᠵᠣ ᠪᠠᠢᠢᠨ᠎ᠠ

ᠶᠡᠬᠡ ᠲᠠᠯ᠎ᠠ ᠢᠢᠨ ᠡᠩ ᠢᠢᠡᠷ ᠳᠠᠪᠠᠯᠭ᠎ᠠ ᠰᠢᠬ ᠥᠢᠢᠮᠡᠬᠥ

ᠢᠵᠢᠯᠢ ᠮᠢᠩᠭᠠᠨ ᠰᠥᠷᠥᠭ ᠲᠤ ᠪᠠᠨ ᠡᠷᠭᠢᠵᠥ ᠳᠠᠬᠢᠨ ᠢᠷᠡᠪᠡᠯ ᠨᠢ

ᠳᠥᠷᠥᠭᠥᠴᠢ ᠢᠢᠨ ᠠᠳᠠᠯᠢ ᠪᠣᠴᠠᠭᠠᠵᠣ᠂ ᠣᠬᠠᠭᠠᠨᠳᠣ ᠵᠠᠭᠠᠯ ᠢ ᠪᠠᠨ ᠭᠣᠳᠣᠷᠠᠭᠠᠬᠣ ᠥᠭᠡᠢ ᠡ

ᠳᠥᠷᠡᠢ ᠡᠴᠡ ᠪᠡᠨ ᠣᠷᠳᠣ ᠭᠠᠩᠰᠠ᠂ ᠠᠳᠣᠭᠣᠨ ᠠᠴᠠ ᠪᠠᠨ ᠳᠥᠷᠪᠡᠨ ᠵᠠᠯᠠᠭᠣ ᠮᠣᠷᠢ ᠥᠭᠭᠥᠨ᠎ᠡ᠃