 ᠶᠢᠨ    
 
2019-08-05

     

ᠲᠠᠯ᠎ᠠ ᠢᠢ ᠳᠣᠭᠣᠰᠣ ᠪᠣᠯᠭᠠᠨ ᠪᠣᠰᠬᠠᠵᠣ

ᠳᠠᠪᠣᠨ ᠵᠠᠭᠣᠨ ᠬᠣᠷᠳᠣᠨ ᠮᠣᠷᠢ ᠭᠠᠷᠤᠯ᠎ᠠ

ᠳᠠᠪᠣᠨ ᠵᠠᠭᠤᠨ ᠬᠣᠷᠳᠣᠨ ᠮᠣᠷᠢᠨ ᠦ ᠳᠣᠮᠳᠠ

ᠲᠠᠢᠢᠭ᠎ᠠ ᠶᠢᠨ ᠪᠣᠭᠣ ᠰᠢᠬ ᠪᠢᠳᠡᠷᠳᠥ ᠬᠣᠯᠠ ᠳᠡᠭᠥᠯᠢᠨ᠎ᠡ 

ᠲᠠᠢᠢᠭ᠎ᠠ ᠦᠨ ᠪᠣᠭᠣ ᠰᠢᠬ ᠴᠡᠮᠴᠡᠭᠡᠷ ᠬᠣᠯᠠ ᠢᠢ

ᠳᠠᠪᠣᠨ ᠨᠠᠰᠣ ᠳᠠᠢ ᠲᠠᠯ᠎ᠠ ᠢᠢᠨ ᠬᠥᠥ ᠣᠨᠣᠵᠠᠢ

ᠳᠠᠪᠣᠨ ᠵᠠᠭᠣᠨ ᠬᠣᠷᠳᠣᠨ ᠮᠣᠷᠢᠨ ᠦ ᠬᠥᠯ ᠳᠦ 

ᠲᠠᠯ᠎ᠠ᠂ ᠡᠩ ᠢᠢᠡᠷ ᠢᠢᠡᠨ ᠳᠣᠭᠣᠰᠣ ᠪᠣᠯᠣᠨ ᠪᠣᠰᠪᠠ ᠡ

ᠠᠭᠣᠳᠠᠮ ᠲᠠᠯ᠎ᠠ ᠢᠢ ᠲᠩᠷᠢ ᠳᠦ ᠳᠣᠭᠣᠰᠣᠷᠠᠭᠣᠯᠵᠣ

ᠣᠷᠣᠯᠳᠣᠨ ᠭᠠᠷᠣᠭᠰᠠᠨ ᠳᠠᠪᠣᠨ ᠵᠠᠭᠣ ᠢᠢᠨ ᠨᠢᠭᠡ

ᠠᠭᠣᠯᠠ ᠢᠢᠨ ᠪᠣᠭᠣ ᠰᠢᠬ ᠪᠢᠳᠡᠷᠳᠥ ᠬᠣᠯᠠ ᠮᠣᠷᠢᠨ

ᠣᠬᠠᠭ᠎ᠠ ᠳᠣᠭᠣᠰᠣᠨ ᠳᠦ ᠭᠡᠨᠡᠳᠳᠡ ᠣᠷᠭᠣᠭ᠎ᠠ ᠮᠡᠳᠥ ᠬᠣᠴᠣᠷᠴᠣᠬᠣᠢ

ᠡᠭᠡᠷᠡᠮ᠎ᠡ ᠲᠠᠯ᠎ᠠ ᠳᠦ ᠴᠣᠴᠠᠯ ᠥᠭᠡᠢ ᠮᠠᠩᠯᠠᠢᠢᠯᠠᠵᠦ

ᠡᠵᠡᠨ ᠢᠢᠡᠨ ᠪᠠᠶᠠᠷᠯᠠᠭᠣᠯᠳᠠᠭ ᠮᠣᠷᠢᠨ ᠪᠢᠯᠡ ᠴᠢ

ᠡᠷᠳᠡᠨᠢ ᠢᠢᠨ ᠰᠠᠢᠢᠬᠠᠨ ᠳᠣᠯᠣᠭᠠᠢ ᠪᠠᠨ ᠮᠢᠯᠢᠶᠠᠯᠭᠠᠵᠣ

ᠡᠷᠬᠢᠮ ᠴᠣᠯᠠ ᠪᠠᠨ ᠳᠠᠭᠣᠳᠠᠭᠣᠯᠳᠠᠭ ᠬᠥᠯᠥᠭ ᠰᠡᠨ ᠴᠢ

ᠭᠠᠷᠣᠭᠠᠨ ᠳᠣᠮᠳᠠ ᠬᠣᠴᠣᠷᠴᠣ᠂ ᠭᠡᠨᠡᠳᠳᠡᠬᠡᠨ ᠴᠢ

ᠭᠠᠷ ᠦᠨ ᠰᠡᠢᠢᠯᠪᠥᠷᠢ ᠮᠡᠳᠥ ᠵᠣᠭᠰᠣᠬᠣ ᠴᠢᠨᠢ ᠶᠠᠭᠣ ᠪᠣᠢ ︖

ᠭᠠᠩ ᠳᠥᠷᠪᠡᠨ ᠳᠣᠭᠣᠷᠠᠢ ᠪᠠᠨ ᠭᠠᠳᠠᠰᠣ ᠠᠳᠠᠯᠢ ᠵᠣᠭᠣᠵᠣ

ᠭᠠᠭᠴᠠᠭᠠᠷ ᠥᠯᠡᠳᠡᠬᠥ ᠢᠢᠨ ᠴᠢᠨᠢ ᠣᠴᠢᠷ ᠶᠠᠭᠠᠬᠢᠪᠠ ᠳᠠ

ᠠᠯᠣᠰ ᠠᠴᠠ ᠴᠢᠨᠥ ᠪᠡᠶ᠎ᠡ ᠢᠢ ᠬᠠᠷᠠᠭᠠᠳ

ᠠᠢ ᠭᠡᠵᠥ ᠬᠠᠯᠠᠭᠯᠠᠬᠣ ᠠᠳᠬᠠᠣ ᠠᠷᠠᠨᠰᠢᠨ ᠮᠨᠢ

ᠠᠷᠭ᠎ᠠ ᠥᠭᠡᠢ ᠯᠠ ᠣᠬᠠᠭᠠᠨᠳᠦ ᠰᠠᠢᠢᠨ ᠬᠥᠯᠥᠭ ᠶᠣᠮ ᠳᠠ ᠭᠡᠬᠥ

ᠠᠯᠠᠭ ᠵᠢᠷᠥᠬᠡᠨ ᠦ ᠬᠠᠢᠢᠷ᠎ᠠ ᠪᠠᠷ ᠳᠡᠷᠭᠡᠳᠡ ᠴᠢᠨᠢ ᠲᠡᠪᠲᠦᠯ᠎ᠡ

ᠳᠠᠪᠣ ᠳᠠᠢ ᠬᠥᠥ ᠭᠠᠵᠠᠷ ᠰᠠᠮᠣᠷᠳᠠᠨ

ᠲᠠᠪᠠᠭᠳᠤ ᠳᠥᠷᠥᠭᠡᠨ ᠳᠦ ᠪᠡᠨ ᠴᠢᠷᠭᠡᠭᠥᠯᠡᠭᠳᠡᠬᠥ ᠠᠭᠱᠠᠨ ᠳᠦ

ᠬᠥᠯᠥᠭ ᠮᠣᠷᠢᠨ ᠴᠢ ᠨᠢᠭᠡ ᠯᠠ ᠬᠥᠳᠡᠯᠪᠡᠰᠥ

ᠬᠥᠭᠡᠷᠥᠬᠥᠢ ᠬᠥᠥ ᠢᠢᠨ ᠠᠯᠳᠠᠨ ᠠᠮᠢ

ᠬᠠᠷᠪᠣᠬᠣ ᠳᠤ ᠪᠠᠨ ᠣᠷᠣᠰᠬᠣ ᠣᠳᠣ ᠮᠡᠳᠥ ᠯᠠ

ᠬᠠᠯᠠᠭ ᠮᠢᠨᠢ ᠥᠷᠥᠭᠳᠥᠬᠥ ᠪᠠᠢᠢᠬᠰᠠᠨ ᠶᠣᠮ

ᠣᠬᠠᠭᠠᠨᠳᠦ ᠰᠠᠢᠢᠬᠠᠨ ᠬᠥᠯᠥᠭ ᠪᠢᠳᠡᠷᠳᠥ ᠬᠣᠯᠠ ᠢᠢᠨ

ᠣᠷᠣᠯᠳᠣᠭᠠᠨ ᠠᠴᠠ ᠬᠣᠴᠣᠷᠣᠭᠰᠠᠨ ᠦ ᠣᠴᠢᠷ ᠡᠨᠡ ᠪᠠᠢᠢᠵᠣ

ᠣᠨᠠᠭᠠᠨ ᠮᠣᠷᠢ ᠡᠵᠡᠨ ᠢᠢᠡᠨ ᠬᠠᠢᠢᠷᠠᠯᠠᠳᠠᠭ ᠬᠡᠮᠡᠭᠰᠡᠨ

ᠣᠷᠢᠳᠣ ᠢᠢᠨ ᠡᠨᠡ ᠥᠭᠡ ᠣᠷᠣ ᠥᠭᠡᠢ ᠪᠢᠰᠢ ᠪᠠᠢᠢᠵᠦ

ᠳᠡᠩᠬᠡᠭᠡᠳᠥ ᠬᠣᠷᠳᠣᠨ ᠬᠥᠯᠥᠭ ᠦᠨ ᠨᠢᠷᠣᠭᠣᠨ ᠳᠦ

ᠳᠡᠢᠢᠮᠥᠬᠡᠨ ᠠᠮᠢᠳᠠᠨ ᠢ ᠡᠷᠭᠥᠭᠡᠳ ᠣᠷᠬᠢᠬᠣ ᠳᠦ ᠪᠡᠨ

ᠡᠷᠳᠡᠨᠢ ᠢᠢᠨ ᠳᠡᠭᠡᠳᠥ ᠬᠥᠯᠥᠭ ᠮᠣᠷᠢᠨ ᠳᠦ ᠪᠡᠨ ᠢᠳᠡᠭᠡᠳᠡᠭ

ᠡᠨᠡ ᠮᠢᠨᠥ ᠠᠷᠠᠳ ᠦᠨ ᠣᠬᠠᠭᠠᠨ ᠪᠠᠢᠢᠨ᠎ᠠ

ᠥᠴᠢᠨᠡᠭᠡᠨ ᠨᠠᠭᠠᠳᠣᠮ ᠳᠦ ᠬᠣᠷᠳᠣᠯᠠᠨ ᠲᠥᠷᠥᠭᠥᠯᠡᠬᠥ ᠳᠦ ᠪᠡᠨ

ᠥᠭᠡᠳᠡᠰᠥᠨ ᠴᠢᠨᠡᠭᠡᠬᠡᠨ ᠬᠥᠥ ᠳᠦ ᠯᠠ ᠢᠳᠡᠭᠡᠯ ᠢᠢᠡᠨ ᠪᠠᠰᠠ ᠥᠭᠳᠡᠭ

ᠥᠨᠥ ᠡᠴᠡ ᠪᠢᠳᠡᠨ ᠦ ᠵᠣᠪᠠᠯᠠᠩ ᠵᠢᠷᠭᠠᠯ ᠦᠨ ᠣᠨᠣᠭ᠎ᠠ

ᠡᠷᠳᠡᠨᠢ ᠢᠢᠨ ᠳᠡᠭᠡᠳᠥ ᠮᠣᠷᠢᠨ ᠡᠷᠳᠡᠨᠢ ᠢᠢᠨ ᠪᠣᠶᠠᠨ ᠪᠠᠢᠢᠨ᠎ᠠ

ᠲᠡᠭᠡᠭᠡᠳ ᠯᠠ ᠮᠣᠩᠭᠣᠯ ᠬᠥᠮᠥᠨ ᠮᠣᠷᠢ ᠪᠠᠨ

ᠣᠰᠣᠨ ᠦ ᠲᠣᠩᠭᠠᠯᠠᠭ ᠠᠴᠠ ᠣᠮᠳᠠᠯᠠᠭᠣᠯᠳᠠᠭ ᠶᠣᠮ

ᠣᠷᠭᠣᠮᠣᠠᠯ ᠦᠨ ᠰᠣᠷ ᠳᠦ ᠠᠳᠣᠭᠣᠯᠠᠳᠠᠭ ᠶᠣᠮ

ᠣᠷᠠᠨ ᠳᠣᠯᠣᠭᠠᠢ ᠳᠦ ᠨᠢ ᠳᠠᠰᠢᠭᠣᠷ ᠬᠥᠷᠭᠡᠳᠡᠭ ᠥᠭᠡᠢ ᠶᠦᠮ

ᠠᠭᠣᠵᠢᠮ ᠬᠣᠨᠳᠣᠯᠠᠢ ᠳᠦ ᠨᠢ ᠳᠣᠭᠣᠰᠣ ᠰᠠᠭᠣᠯᠭᠠᠳᠠᠭ ᠥᠭᠡᠢ ᠶᠣᠮ

ᠡᠷᠬᠢᠮ ᠨᠥᠬᠥᠷ ᠮᠢᠨᠢ ᠣᠬᠠᠭᠠᠨ ᠢ ᠬᠠᠢᠢᠷᠠᠯᠠ ᠭᠡᠵᠥ

ᠡᠨᠡ ᠥᠭᠡ ᠢᠢ ᠳᠠᠪᠳᠠᠵᠣ ᠨᠢᠭᠡ ᠬᠡᠯᠡᠶ᠎ᠡ

ᠡᠷᠳᠡᠨᠢ ᠢᠢᠨ ᠳᠡᠭᠡᠳᠥ ᠮᠣᠷᠢᠨ ᠡᠷᠳᠡᠨᠢ ᠪᠠᠨ

ᠡᠷᠬᠢᠮᠯᠡᠨ ᠬᠠᠢᠢᠷᠠᠯᠠᠵᠣ ᠡᠵᠡᠨᠳᠡᠨ ᠮᠢᠨᠢ ᠳᠠ

ᠣᠰᠣᠨ ᠦ ᠳᠣᠩᠭᠠᠯᠠᠭ ᠳᠦ ᠣᠮᠳᠠᠯᠠᠭᠣᠯᠣᠭᠠᠷᠠᠢ

ᠣᠷᠭᠣᠮᠠᠯ ᠦᠨ ᠰᠣᠷ ᠳᠦ ᠠᠳᠣᠭᠣᠯᠠᠭᠠᠷᠠᠢ

ᠣᠷᠠᠨ ᠳᠣᠯᠣᠭᠠᠢ ᠳᠦ ᠨᠢ ᠳᠠᠰᠢᠭᠣᠷ ᠪᠣᠣ ᠬᠥᠷᠭᠡᠭᠡᠷᠡᠢ

ᠠᠭᠣᠵᠢᠮ ᠬᠣᠨᠳᠣᠯᠠᠢ ᠳᠦ ᠨᠢ ᠳᠣᠭᠣᠰᠣ ᠪᠢᠳᠡᠭᠡᠢ ᠰᠠᠭᠣᠯᠭᠠᠭᠠᠷᠠᠢ

                     ᠳᠠᠯᠠᠨᠵᠠᠳᠠᠭᠠᠳ 1971 ᠣᠨ