 ᠵᠡᠯ᠎ᠡ
 
2019-08-05

《 ᠵᠡᠯ᠎ᠡ ᠳᠥ ᠪᠠᠷᠢᠭᠠᠳ ᠣᠨᠠᠭ᠎ᠠ ᠳᠠᠢ ᠴᠣᠭ ᠴᠢᠭᠳᠠᠯᠠᠴᠢᠬᠠᠮᠠᠷ

ᠵᠡᠷᠮᠡᠢᠢᠭᠰᠡᠨ ᠭᠠᠢᠢᠬᠠᠯ ᠢ ᠬᠣᠨᠠ》ᠭᠡᠵᠥ ᠨᠠᠭᠠᠴᠣ ᠮᠢᠨᠢ

ᠠᠭᠣᠷᠯᠠᠭᠰᠠᠨ᠂ ᠠᠶᠣᠯᠭᠠᠭᠰᠠᠨ ᠬᠣᠶᠠᠷ ᠦᠨ ᠠᠯᠢ ᠢᠢ ᠪᠣᠣ ᠮᠡᠳᠡ

ᠠᠷᠭ᠎ᠠ ᠪᠠᠨ ᠪᠠᠷᠠᠨ ᠨᠠᠮᠠᠢᠢ ᠬᠥᠭᠡᠭᠡᠭᠰᠡᠨ ᠢ ᠰᠠᠨᠠᠵᠣ ᠪᠠᠢᠢᠨ᠎ᠠ

ᠠᠷᠭ᠎ᠠ ᠥᠭᠡᠢ ᠡ ᠣᠨᠠᠭ᠎ᠠ ᠣᠷᠭᠠᠯᠠᠭᠣᠯᠣᠭᠰᠠᠨ ᠥᠭᠡᠢ ᠭᠡᠵᠥ ᠪᠢ

ᠠᠷᠠᠢ ᠶᠠᠳᠠᠨ ᠪᠠᠷᠢᠭᠰᠠᠨ ᠠᠴᠠ ᠨᠢ ᠨᠢᠭᠡ ᠢᠢ ᠰᠣᠯᠠᠯᠠᠵᠣ ᠳᠠᠯᠪᠢᠴᠢᠬᠠᠭᠠᠳ

ᠬᠥᠶ᠋ᠢ ᠭᠡᠬᠥ ᠢᠢᠨ ᠵᠡᠪᠳᠤᠯ ᠥᠭᠡᠢ ᠮᠣᠷᠳᠠᠨ ᠵᠢᠭᠣᠳᠠᠭᠠᠭᠰᠠᠨ

ᠬᠡᠥᠬᠡᠳ ᠠᠬᠣᠢ ᠢᠢᠨ ᠳᠣᠮᠣᠭ᠎ᠠ ᠥᠭᠡᠢ ᠶᠠᠪᠣᠳᠠᠯ ᠢᠢᠠᠨ ᠰᠠᠨᠠᠵᠣ ᠪᠠᠢᠢᠨ᠎ᠠ

ᠳᠣᠮᠣᠭ᠎ᠠ ᠥᠭᠡᠢ ᠢᠢ ᠮᠢᠨᠢ ᠳᠣᠮᠣᠭᠠᠵᠢᠭᠣᠯᠬᠣ ᠭᠡᠵᠥ ᠬᠥᠭᠡᠷᠥᠬᠥᠢ

ᠳᠣᠮᠣ ᠠᠬ᠎ᠠ ᠮᠠᠨᠢ ᠨᠠᠮᠠᠢᠢ ᠣᠨᠠᠭ᠎ᠠ ᠳᠠᠢ ᠪᠠᠨ ᠣᠶᠠᠬᠣ ᠭᠡᠵᠥ ᠯᠠ ᠳᠡ

ᠳᠣᠭ᠎ᠠ ᠥᠭᠡᠢ ᠳᠡ ᠪᠢ ᠪᠠᠷᠢᠭᠳᠠᠭᠠᠳ ᠣᠶᠠᠭᠣᠯᠴᠢᠬᠠᠳᠠᠭ ᠯᠠ ᠪᠠᠢᠢᠵᠣ

《ᠣᠷᠳᠣ ᠭᠣᠷᠭᠣᠯᠳᠠᠢ ︕ ᠵᠡᠯ᠎ᠡ ᠳᠦ ᠪᠡᠨ》 ᠣᠨᠠᠭᠠᠨ ᠳᠣᠮᠳᠠ ᠴᠢᠨᠢ ᠨᠢᠭᠡ ᠣᠨᠠᠭ᠎ᠠ ᠪᠠᠭᠳᠠᠬᠣ ᠪᠣᠯ

ᠣᠬᠠᠭᠠᠵᠢᠭ᠎ᠠ ᠨᠢ ᠥᠭᠡᠢ ᠪᠣᠭᠣᠷᠣᠯᠳᠣᠵᠣ ᠶᠠᠪᠥᠭ᠎ᠠ ᠵᠢᠭᠡ ᠴᠢᠨᠢ ᠣᠳᠣ ᠯᠠ ᠣᠶᠠᠭᠣᠯᠣᠮᠠᠷ ᠪᠠᠢᠢᠨ᠎ᠠ᠃