     
    ᠪ 
2019-07-24

 

ᠢᠮ᠎ — ᠮᠠᠯ  ᠤᠨ ᠴᠢᠬᠢᠨ  ᠤ ᠳᠡᠯᠪᠢ  ᠶᠢ ᠤᠬᠠᠵᠤ ᠤᠭᠳᠤᠯᠬᠤ ᠪᠤᠶᠤ ᠵᠦᠰᠦᠬᠦ ᠵᠡᠷᠭᠡ ᠪᠡᠷ ᠶᠠᠮᠠᠷ ᠨᠢᠭᠡᠨ ᠭᠡᠯᠪᠡᠷᠢ ᠪᠡᠷ ᠭᠡᠪ  ᠤᠨ ᠪᠠᠶᠢᠳᠠᠯ  ᠢ ᠠᠯᠳᠠᠭᠳᠠᠭᠤᠯᠤᠨ ᠲᠡᠮᠳᠡᠭᠯᠡᠬᠦ   ᠶᠢ ᠭᠡᠯᠡᠨ᠎ᠡ᠃ ᠢᠮ  ᠢ ᠪᠤᠯ ᠮᠠᠯ  ᠳᠤ ᠭᠡᠷᠡᠭᠯᠡᠬᠦ ᠪᠠ ᠬᠠᠶᠠ ᠦᠭᠡᠷ ᠠᠳᠤᠭᠤᠨ  ᠳᠤ ᠭᠡᠷᠡᠭᠯᠡᠨ᠎ᠡ᠃

ᠲᠠᠮᠠᠭ᠎ᠡ  —  ᠶᠠᠮᠠᠷ ᠨᠢᠭᠡᠨ ᠳᠦᠷᠰᠦ  ᠶᠢ ᠲᠡᠮᠦᠷ  ᠶᠢᠡᠷ ᠦᠢᠯᠡᠳᠴᠤ ᠲᠡᠬᠦᠨ  ᠢ  ᠶᠢᠡᠨ ᠤᠯᠠᠶᠢᠯᠭᠠᠨ ᠮᠠᠯ  ᠤᠨ ᠪᠡᠶ᠎ᠡ  ᠶᠢᠨ ᠠᠯᠢ ᠨᠢᠭᠡᠨ ᠭᠡᠰᠡᠭ ᠲᠤ ᠳᠠᠷᠤᠵᠤ ᠬᠠᠭᠠᠷᠢᠨ ᠲᠡᠮᠳᠡᠭᠯᠡᠬᠦ  ᠶᠢ ᠬᠡᠯᠡᠨ᠎ᠡ᠃ ᠲᠠᠮᠠᠭ᠎ᠡ  ᠶᠢ ᠪᠤᠳᠠ ᠮᠠᠯ  ᠳᠤ ᠢᠯᠠᠩᠭᠤᠶ᠎ᠡ ᠠᠳᠤᠭᠤᠨ  ᠳᠤ ᠭᠡᠷᠡᠭᠯᠡᠬᠦ ᠪᠦᠭᠡᠳ ᠠᠳᠤᠭᠤᠨ  ᠤ ᠭᠤᠶ᠎ᠡ ᠲᠠᠰᠢᠶ᠎ᠡ᠂ ᠬᠠ ᠦᠭᠡᠷ  ᠤᠨ ᠡᠪᠡᠷ ᠪᠠ ᠲᠠᠰᠢᠶᠠᠨ  ᠳᠤ᠂ ᠲᠡᠮᠡᠭᠡᠨ  ᠤ ᠬᠠᠴᠠᠷ ᠂ ᠭᠤᠶ᠎᠎ᠡ ᠲᠠᠰᠢᠶᠠᠨ  ᠳᠤ ᠳᠠᠷᠤᠨ᠎ᠡ᠃

ᠲᠡᠮᠳᠡᠭ  — ᠮᠠᠯ  ᠤᠨ ᠪᠡᠶ᠎ᠡ  ᠶᠢᠨ ᠠᠯᠢ ᠨᠢᠭᠡᠨ ᠬᠡᠰᠡᠭ  ᠶᠢ ᠪᠤᠳᠤᠬᠤ ᠪᠤᠶᠤ ᠦᠰᠦ  ᠶᠢ ᠬᠠᠶᠢᠴᠢᠯᠠᠬᠤ ᠡᠰᠡᠪᠡᠯ ᠶᠠᠮᠠᠷ ᠨᠢᠭᠡᠨ ᠵᠦᠢᠯ  ᠢ ᠮᠠᠯ  ᠤᠨ ᠪᠡᠶ᠎ᠡ  ᠡᠴᠡ ᠵᠡᠬᠦᠬᠦ ᠵᠡᠷᠭᠡ ᠪᠡᠷ ᠪᠤᠰᠤᠳ ᠮᠠᠯ ᠡᠴᠡ ᠢᠯᠭᠠᠬᠤ ᠠᠷᠭ᠎ᠡ  ᠶᠢ ᠬᠡᠯᠡᠨ᠎ᠡ᠃

ᠢᠮ ᠂ ᠲᠠᠮᠠᠭ᠎ᠡ ᠨᠢ ᠮᠠᠯ  ᠤᠨ ᠪᠡᠶ᠎ᠡ ᠮᠠᠬᠠᠪᠤᠳ ᠲᠤ ᠶᠡᠭᠡ ᠪᠠ ᠪᠠᠭ᠎ᠡ ᠴᠤ ᠭᠡᠰᠡᠨ ᠶᠠᠮᠠᠷ ᠨᠢᠭᠡᠨ ᠡᠮᠭᠡᠨᠢᠯ  ᠤᠨ ᠬᠤᠪᠢᠷᠠᠯ ᠦᠵᠡᠭᠦᠯᠵᠤ ᠭᠡᠪ  ᠤᠨ ᠪᠠᠶᠢᠳᠠᠯ  ᠢ ᠨᠢ ᠦᠭᠡᠷᠡᠴᠢᠯᠡᠬᠦ ᠤᠴᠢᠷ ᠡᠴᠡ ᠮᠠᠯ  ᠤᠨ ᠪᠡᠶ᠎ᠡ  ᠳᠤ ᠤᠳᠠᠭᠠᠨ ᠬᠠᠳᠠᠭᠠᠯᠠᠭᠳᠠᠳᠠᠭ ᠪᠠᠢᠨ᠎ᠡ᠃ ᠬᠠᠷᠢᠨ ᠲᠡᠮᠳᠡᠭ ᠨᠢ ᠮᠠᠯ  ᠤᠨ ᠪᠡᠶ᠎ᠡ  ᠳᠤ ᠶᠠᠮᠠᠷ ᠨᠢᠭᠡᠨ ᠡᠮᠭᠡᠭ  ᠤᠨ ᠬᠤᠪᠢᠷᠠᠯ ᠦᠵᠡᠬᠦᠯᠬᠦ ᠦᠬᠡᠢ ᠪᠦᠭᠡᠳ ᠪᠡᠬᠢᠵᠢᠯ ᠮᠠᠭᠤᠳᠠᠢ᠂ ᠲᠦᠷ ᠵᠠᠭᠤᠷ᠎ᠡ  ᠶᠢᠨ ᠡᠬᠦᠷᠭᠡ ᠬᠦᠢᠴᠡᠳᠭᠡᠳᠡᠭ ᠪᠠᠢᠨ᠎ᠡ᠃ ᠲᠠᠰᠢᠷᠠᠮ  ᠳᠤ ᠬᠡᠯᠡᠬᠦ  ᠳᠤ ᠂ ᠲᠠᠮᠠᠭ᠎ᠡ ᠲᠡᠮᠳᠡᠭ ᠨᠢ ᠮᠠᠯ  ᠤᠨ ᠠᠷᠠᠰᠦ ᠰᠢᠷᠢ ᠂ ᠦᠰᠦ ᠨᠤᠤᠰᠤᠨ  ᠳᠤ ᠭᠡᠮᠳᠡᠯ ᠤᠴᠡᠷᠠᠭᠤᠯᠵᠤ᠂ ᠲᠦᠭᠦᠬᠡᠢ ᠡᠳ᠋  ᠤᠨ ᠴᠢᠨᠠᠷ ᠲᠤ ᠮᠠᠭᠤ ᠨᠦᠯᠦᠭᠡᠯᠡᠳᠡᠭ ᠪᠠᠢᠨ᠎ᠡ᠃

ᠲᠦᠷᠪᠡᠳ᠂ ᠪᠠᠶᠠᠳ  ᠤᠨ ᠮᠠᠯ  ᠤᠨ ᠢᠮ ᠲᠠᠮᠠᠭ᠎ᠡ  ᠶᠢᠨ ᠵᠠᠷᠢᠮ ᠤᠨᠴᠠᠯᠢᠭ  ᠡᠴᠡ ᠰᠤᠨᠢᠷᠬᠠᠭᠤᠯᠤᠶ᠎ᠡ

ᠲᠦᠷᠪᠡᠳ᠂ ᠪᠠᠶᠠᠳ  ᠤᠨ ᠮᠠᠯ  ᠤᠨ ᠲᠠᠮᠠᠭ᠎ᠡ ᠨᠢ ᠲᠤᠬᠠᠢ  ᠶᠢᠨ ᠦᠶ᠎ᠡ  ᠶᠢᠨ ᠨᠡᠶᠢᠭᠡᠮ ᠵᠠᠰᠠᠭ ᠵᠠᠬᠢᠷᠭᠠᠨ  ᠤ ᠬᠤᠪᠢᠶᠠᠷᠢ᠂ ᠨᠤᠳᠤᠭᠰᠢᠯ  ᠤᠨ ᠪᠠᠶᠢᠳᠠᠯ ᠲᠠᠢ ᠰᠢᠭᠤᠳ ᠬᠤᠯᠪᠤᠭᠠᠳᠠᠢ ᠪᠦᠭᠡᠳ ᠤᠤᠯ ᠪᠠᠶᠢᠳᠠᠯ ᠡᠴᠡ ᠪᠡᠨ ᠤᠶᠠᠯᠳᠤᠨ ᠭᠠᠷᠤᠭᠰᠠᠨ ᠶᠤᠮ ᠭᠡᠵᠦ ᠦᠵᠡᠵᠤ ᠪᠤᠯᠤᠮᠠᠷ ᠰᠠᠨᠠᠭᠳᠠᠨ᠎ᠡ᠃

ᠹᠸᠤᠳᠠᠯ  ᠤᠨ ᠨᠡᠶᠢᠭᠡᠮ  ᠤᠨ ᠬᠤᠪᠢᠶᠠᠷᠢᠯᠠᠯ  ᠶᠢᠡᠷ ᠲᠦᠷᠪᠡᠳ ᠂ ᠪᠠᠶᠠᠳ ᠨᠢ 《ᠳᠦᠷᠪᠡᠳ ᠳᠠᠯᠠᠢ  ᠬᠠᠨ  ᠤ ᠬᠤᠰᠢᠭᠤ ᠂ ᠵᠤᠷᠢᠭᠲᠤ ᠬᠠᠨ ᠲᠤᠮᠤ ᠶᠢᠨ ᠪᠤᠶᠤ ᠤᠩᠬᠢ  ᠶᠢᠨ ᠬᠤᠰᠢᠭᠤ ᠂ ᠠᠷᠪᠠᠨ ᠪᠠᠶᠠᠳ  ᠤᠨ ᠬᠤᠰᠢᠭᠤ 》ᠭᠡᠵᠤ ᠭᠤᠷᠪᠠᠨ ᠲᠤᠮᠤ ᠬᠤᠰᠢᠭᠤᠨ  ᠳᠤ ᠬᠤᠪᠢᠶᠠᠭᠳᠠᠵᠤ ᠳᠤᠲᠤᠷ᠎ᠡ ᠪᠡᠨ ᠤᠯᠠᠨ ᠵᠢᠵᠢᠭ ᠸᠠᠩ᠂ ᠬᠦᠩ᠂ ᠪᠡᠢᠢᠯᠡ ᠂ ᠪᠠᠢᠢᠰᠡ ᠨᠤᠭᠤᠳ ᠲᠤ ᠵᠠᠬᠢᠷᠤᠭᠳᠠᠵᠤ ᠪᠠᠢ᠋ᠵᠡᠢ᠃

ᠳᠦᠷᠪᠡᠳ ᠳᠠᠯᠠᠢ ᠬᠠᠨ  ᠤ ᠬᠤᠰᠢᠭᠤ ᠤᠳᠤ  ᠶᠢᠨ ᠤᠪᠰᠤ ᠠᠶᠢᠮᠠᠭ  ᠤᠨ ᠰᠠᠬᠢᠯ᠂ ᠲᠦᠷᠭᠡᠨ᠂ ᠪᠦᠭᠡᠮᠦ᠋ᠷᠡᠨ ᠰᠤᠮᠤ  ᠶᠢᠨ ᠠᠷᠠᠳ  ᠤᠳ ᠮᠠᠯ  ᠳᠤ ᠪᠡᠨ ᠬᠠᠭᠠᠰ ᠲᠤᠭᠤᠷᠢᠭ  ᠤᠨ ᠰᠠᠷᠠᠨ ᠲᠠᠮᠠᠭ᠎ᠡ ᠭᠡᠷᠡᠭᠯᠡᠵᠦ ᠢᠷᠡᠵᠡᠢ᠃ ᠴᠤᠬᠤᠮ ᠰᠠᠷᠠᠨ ᠲᠠᠮᠠᠭ᠎ᠡ  ᠶᠢ ᠶᠠᠭᠠᠭᠢᠭᠠᠳ ᠭᠡᠷᠡᠭᠯᠡᠬᠦ ᠪᠤᠯᠪᠠᠤ ᠭᠡᠪᠡᠯ ᠄ ᠳᠠᠯᠠᠢ ᠬᠠᠨ  ᠤ ᠬᠤᠰᠢᠭᠤ ᠨᠢ ᠠᠴᠢᠲᠤ ᠨᠠᠭᠤᠷ ᠡᠴᠡ ᠪᠦᠭᠡᠮᠦ᠋ᠷᠡᠨ  ᠤᠨ ᠭᠤᠤᠯ  ᠢ ᠦᠭᠰᠤᠭᠦᠯᠤᠨ ᠠᠰᠬᠠᠲᠤ ᠠᠭᠤᠯᠠ᠂ ᠪᠦᠭᠡᠮᠦ᠋ᠷᠡᠨ  ᠤᠨ ᠡᠬᠢ ᠴᠢᠭᠡᠷᠳᠡᠢ᠂ ᠴᠠᠭᠠᠨ ᠰᠢᠪᠠᠭᠤᠲᠤ᠂ ᠶᠤᠯᠤ᠂ ᠬᠦᠬᠡ ᠰᠠᠢ ᠂ ᠪᠠᠶᠠᠨᠵᠢᠷᠦᠭᠡ  ᠶᠢᠨ ᠠᠭᠤᠯᠠᠰ  ᠶᠢᠡᠷ ᠳᠠᠮᠵᠢᠨ ᠪᠤᠷᠢᠶᠠᠳ᠂ ᠳᠠᠭᠠᠩ ᠳᠡᠯ᠂ ᠰᠠᠭᠠᠯᠢ  ᠶᠢᠨ ᠡᠬᠢ ᠲᠠᠷᠯᠠᠩ᠂ ᠪᠠᠷᠠᠭᠤᠨ ᠵᠡᠭᠦᠨ ᠲᠤᠷ᠎ᠡ  ᠶᠢᠨ ᠠᠭᠤᠯᠠᠰ᠂ ᠬᠠᠨᠳᠠᠭᠠᠢ᠋ᠲᠤ ᠪᠠ ᠪᠤᠷᠱᠤᠨ ᠭᠤᠤᠯ ᠵᠠᠪᠰᠠᠷ ᠬᠦᠨᠳᠡᠢ  ᠶᠢᠨ  ᠭᠦᠨᠳᠡᠢ  ᠶᠢ ᠤᠷᠤᠭᠤᠳᠠᠨ ᠲᠡᠷᠮᠡᠰ ᠠᠭᠤᠯᠠ᠂  ᠪᠠᠷᠤᠭ ᠤᠪᠰᠤ ᠨᠠᠭᠤᠷ  ᠤᠨ ᠬᠦᠪᠡᠭᠡ ᠬᠦᠷᠲᠡᠯ᠎ᠡ ᠨᠤᠲᠤᠭ ᠡᠵᠡᠯᠡᠳᠡᠭ ᠪᠠᠶᠢᠭᠰᠠᠨ ᠪᠦᠭᠡᠳ ᠭᠡᠷᠪᠡ ᠭᠠᠵᠠᠷ  ᠤᠨ ᠵᠢᠷᠤᠭ ᠳᠡᠭᠡᠷ᠎ᠡ ᠳᠡᠭᠡᠷᠡᠬᠢ ᠲᠡᠰ ᠳᠠᠷᠠᠭᠠᠯᠠᠯ  ᠶᠢᠡᠷ ᠵᠢᠷᠤᠪᠠᠯ ᠲᠠᠭᠨᠢ  ᠶᠢᠨ ᠨᠢᠷᠤᠭᠤ  ᠶᠢ ᠦᠪᠦᠷᠯᠡᠭᠰᠡᠨ ᠬᠠᠭᠠᠰ ᠲᠤᠭᠤᠷᠢᠭ  ᠤᠨ ᠰᠠᠷᠠᠨ ᠭᠡᠯᠪᠡᠷᠢ ᠲᠠᠢ ᠨᠤᠲᠤᠭ ᠡᠭᠦᠰᠦᠨ᠎ᠡ᠃ ᠡᠶᠢᠮᠦ ᠤᠴᠢᠷ ᠨᠤᠲᠤᠭ  ᠤᠨ ᠭᠡᠯᠪᠡᠷᠢ ᠪᠡᠷ ᠰᠠᠷᠠᠨ ᠲᠠᠮᠠᠭ᠎ᠡ ᠡᠬᠦᠰᠴᠤ ᠭᠡᠷᠡᠭᠯᠡᠬᠦ ᠪᠤᠯᠤᠭᠰᠠᠨ ᠭᠡᠳᠡᠭ᠃

ᠰᠠᠷᠡᠨ ᠲᠠᠮᠠᠭ᠎ᠡ  ᠶᠢ ᠨᠢᠴᠤᠭᠦᠨ ᠰᠠᠷᠡᠨ ( ᠵᠢᠷᠤᠭ ᠨᠢᠭᠡ  ᠶᠢ ᠦᠵᠡ )᠂ ᠨᠢᠭᠡ ᠦᠷᠭᠡᠰᠦᠲᠦ ᠰᠠᠷᠠᠨ ( ᠵᠢᠷᠤᠭ ᠬᠤᠶᠠᠷ )᠂ ᠬᠤᠶᠠᠷ ᠦᠷᠭᠡᠰᠦᠲᠦ ᠰᠠᠷᠠᠨ ( ᠵᠢᠷᠤᠭ ᠭᠤᠷᠪᠠ )᠂ ᠨᠢᠭᠡ ᠲᠤᠲᠤᠭᠤ ᠲᠠᠢ ᠨᠢᠴᠦᠬᠦᠨ ᠰᠠᠷᠠᠨ (ᠵᠢᠷᠤᠭ ᠳᠦᠷᠪᠡ ᠪᠠ ᠲᠠᠪᠤ ) ᠬᠤᠶᠠᠷ ᠲᠤᠲᠤᠭᠤ ᠲᠠᠢ ᠨᠢᠴᠦᠬᠦᠨ ᠰᠠᠷᠠᠨ ( ᠵᠢᠷᠤᠭ ᠵᠢᠷᠭᠤᠭ᠎ᠡ ) ᠂ ᠨᠢᠭᠡ ᠪᠤᠶᠤ ᠬᠤᠶᠠᠷ ᠲᠤᠲᠤᠭᠤ ᠲᠠᠢ ᠪᠦᠭᠡᠳ ᠨᠢᠭᠡ ᠪᠠ ᠬᠤᠶᠠᠷ ᠦᠷᠭᠡᠰᠦᠲᠤ ᠰᠠᠷᠠᠨ ( ᠵᠢᠷᠤᠭ ᠳᠤᠯᠤᠭ᠎ᠡ᠂ ᠨᠠᠢ᠋ᠮᠠ᠂ ᠶᠢᠰᠦ ᠂ ᠠᠷᠪᠠ ᠂ ᠠᠷᠪᠠᠨ ᠨᠢᠭᠡ ᠂ ᠠᠷᠪᠠᠨ ᠬᠤᠶᠠᠷ )᠂ ᠭᠡᠬᠦ ᠮᠡᠲᠤ ᠪᠡᠷ ᠰᠠᠷᠠᠨ ᠲᠠᠮᠠᠭ᠎ᠡ ᠪᠦᠭᠦᠳᠡ ᠠᠷᠪᠠᠨ ᠬᠤᠶᠠᠷ ᠭᠡᠯᠪᠡᠷᠢ ᠪᠡᠷ ᠭᠡᠷᠡᠭᠯᠡᠭᠳᠡᠵᠤ ᠪᠠᠢ᠋ᠵᠡᠢ᠃ ᠦᠷᠭᠡᠰᠦ ᠪᠠ ᠲᠤᠲᠤᠭᠤ ᠨᠢ ᠵᠦᠪᠭᠡᠨ ᠭᠡᠯᠪᠡᠷᠢ ᠮᠠᠶ᠋ᠢᠭ  ᠢ ᠦᠭᠡᠷᠡᠴᠢᠯᠡᠬᠦ ᠵᠤᠷᠢᠯᠭ᠎ᠡ ᠪᠡᠷ ᠪᠤᠰᠤ᠂ ᠬᠠᠷᠢᠨ ᠨᠤᠲᠤᠭᠰᠢᠯ ᠨᠡᠭᠦᠳᠡᠯ ᠲᠠᠢ ᠬᠤᠯᠪᠤᠭᠳᠠᠭᠰᠠᠨ ᠲᠤᠰᠬᠠᠢ ᠤᠤᠡᠬ᠎ᠡ ᠠᠭᠤᠯᠭ᠎ᠡ ᠲᠠᠢ ᠪᠠᠢ᠋ᠵᠡᠢ᠃ ᠳᠠᠯᠠᠢ ᠬᠠᠨ  ᠤ ᠨᠢᠭᠡᠨ ᠭᠡᠰᠡᠭ ( ᠤᠳᠤ  ᠶᠢᠨ ᠰᠠᠬᠢᠯ ᠰᠤᠮᠤ ) ᠬᠠᠪᠤᠷ ᠨᠠᠮᠤᠷ ᠲᠤ ᠵᠤᠷᠢᠭᠲᠤ ᠬᠠᠨ  ᠤ ᠨᠤᠲᠤᠭ ᠪᠤᠯᠬᠤ ᠪᠦᠭ᠂ ᠰᠡᠵᠢᠬᠦᠷ᠂ ᠬᠦᠨᠳᠡᠯᠡᠨ ᠭᠡᠮᠡᠬᠦ ᠭᠠᠵᠠᠷ ᠬᠦᠷᠲᠡᠯ᠎ᠡ ᠢᠷᠡᠵᠤ ᠨᠤᠲᠤᠭᠯᠠᠳᠠᠭ ᠤᠴᠢᠷ ᠰᠠᠷᠠ ᠲᠠᠮᠠᠭᠠᠨ  ᠳᠤ ᠨᠡᠭᠦᠳᠡᠯ  ᠤᠨ ᠵᠠᠮ  ᠢ ᠢᠯᠡᠳᠭᠡᠭᠰᠡᠨ ᠨᠢᠭᠡ ᠦᠷᠭᠡᠰᠦ ᠡᠬᠦᠰᠴᠡᠢ ( ᠵᠢᠷᠤᠭ ᠬᠤᠶᠠᠷ )᠃ ᠮᠦᠨ ᠳᠠᠯᠠᠢ ᠬᠠᠨ  ᠤ ᠨᠢᠭᠡ ᠭᠡᠰᠡᠭ ( ᠤᠳᠤ  ᠶᠢᠨ ᠲᠦᠷᠭᠡᠨ ᠰᠤᠮᠤ ) ᠬᠠᠪᠤᠷ ᠨᠠᠮᠤᠷ ᠲᠤ ᠪᠠᠰᠠ ᠵᠤᠷᠢᠭᠲᠤ ᠬᠠᠨ  ᠤ ᠬᠤᠲᠤᠭ ᠤᠯᠠᠭᠠᠨᠭᠤᠮ  ᠤᠨ ᠬᠠᠷ᠎ᠡ ᠤᠰᠤ ᠬᠦᠷᠳᠡᠯ᠎ᠡ ᠨᠡᠭᠦᠳᠡᠯᠯᠡᠨ ᠨᠤᠲᠤᠭᠯᠠᠳᠠᠭ  ᠤᠨ ᠤᠴᠢᠷ ᠰᠠᠷᠠ ᠲᠠᠮᠠᠭᠠᠨ  ᠳᠤ ᠪᠠᠰᠠ ᠨᠢᠭᠡᠨ ᠦᠷᠭᠡᠰᠦ ᠨᠡᠮᠡᠭᠳᠡᠵᠤ ᠬᠤᠶᠠᠷ ᠦᠷᠭᠡᠰᠦ ᠰᠠᠷᠠ ᠲᠠᠮᠠᠭ᠎ᠡ ᠪᠤᠢ ᠪᠤᠯᠵᠡᠢ ( ᠵᠢᠷᠤᠭ ᠭᠤᠷᠪᠠ )

ᠲᠤᠲᠤᠭᠤ ᠲᠠᠢ ᠰᠠᠷᠠ ᠲᠠᠮᠠᠭ᠎ᠡ ᠭᠡᠷᠡᠭᠯᠡᠬᠦ ᠪᠤᠯᠤᠭᠰᠠᠨ ᠨᠢ ᠳᠠᠯᠠᠢ ᠬᠠᠨ  ᠤ ᠪᠠᠷᠠᠭᠤᠨ ᠵᠢᠬᠦᠷ ( ᠤᠳᠤ  ᠶᠢᠨ ᠪᠦᠭᠡᠮᠦ᠋ᠷᠡᠨ ᠰᠤᠮᠤ ᠵᠠᠷᠢᠮ  ᠳᠤ ᠪᠡᠨ ᠮᠦᠭᠡᠮᠦ᠋ᠷᠡᠨ ᠭᠤᠤᠯ  ᠢ ᠭᠡᠳᠦᠯᠦᠨ ᠳᠡᠭᠡᠷ᠎ᠡ ᠦᠶ­᠎ᠡ  ᠶᠢᠨ ᠤᠷᠢᠶᠠᠩᠬᠠᠢ  ᠶᠢᠨ ᠨᠤᠲᠤᠭ ᠪᠤᠶᠤ ᠤᠳᠤ  ᠶᠢᠨ ᠺᠠᠽᠠᠺ  ᠶᠢᠨ ᠨᠤᠲᠤᠭ ᠨᠤᠭᠤᠭᠠᠨ ᠨᠠᠭᠤᠷ ᠂  ᠴᠠᠭᠠᠨ ᠨᠠᠭᠤᠷ ᠬᠦᠷᠳᠡᠯ᠎ᠡ ᠨᠡᠭᠦᠳᠡᠯᠯᠡᠨ ᠨᠤᠲᠤᠭᠯᠠᠳᠠᠭ ᠪᠠᠶᠢᠭᠰᠠᠨ ᠪᠠ ᠳᠠᠯᠠᠢ ᠬᠠᠨ  ᠤ ᠬᠤᠰᠢᠭᠤᠨ  ᠤ ᠵᠡᠬᠦᠨ ᠵᠢᠬᠦᠷ ( ᠤᠳᠤ  ᠶᠢᠨ ᠰᠠᠬᠢᠯ ᠰᠤᠮᠤ  ᠶᠢᠨ ᠵᠠᠷᠢᠮ ᠭᠡᠰᠡᠭ ) ᠵᠡᠬᠦᠨ ᠲᠡᠶᠢᠰᠢ ᠵᠤᠷᠢᠭᠲᠤ ᠬᠠᠨ  ᠤ ᠨᠤᠲᠤᠭ  ᠬᠠᠨᠳᠠᠭᠠᠢ᠋ᠲᠤ ᠂ ᠲᠤᠷᠬᠤᠯ  ᠤᠨ ᠭᠤᠤᠯ ᠭᠦᠷᠲᠡᠯ᠎ᠡ ᠨᠡᠭᠦᠳᠡᠯᠯᠡᠨ ᠤᠷᠤᠳᠠᠭ ᠪᠠᠢᠭᠰᠠᠨ ᠡᠴᠡ ᠲᠤᠲᠤᠭᠤ ᠲᠠᠢ ᠰᠠᠷᠠ ᠲᠠᠮᠠᠭ᠎ᠡ ᠡᠬᠦᠰᠦᠭᠰᠡᠨ ᠠᠵᠡᠢ ( ᠵᠢᠷᠤᠭ 4᠍᠍᠍᠍᠌᠍᠍᠍᠍᠍᠍᠍‍.5.5 )᠃

ᠵᠤᠷᠢᠭᠲᠤ ᠬᠠᠨ  ᠤ ᠪᠤᠶᠤ ᠤᠩᠬᠢ  ᠶᠢᠨ ᠬᠤᠰᠢᠭᠤᠨ  ᠤ ᠲᠠᠮᠠᠭ᠎ᠡ ᠨᠢ ᠯᠠᠲ᠋ᠢᠨ《 S 》ᠦᠰᠦᠭ ᠭᠡᠯᠪᠡᠷᠢᠲᠡᠢ ᠳᠡᠭᠷᠡ ᠭᠡᠮᠡᠬᠦ ᠲᠠᠮᠠᠭ᠎ᠡ ᠶᠤᠮ ( ᠵᠢᠷᠤᠭ ᠠᠷᠪᠠᠨ ᠭᠤᠷᠪᠠ )᠃ ᠡᠨᠡ ᠲᠠᠮᠠᠭ᠎ᠡ  ᠶᠢ ᠭᠡᠷᠡᠭᠯᠡᠵᠦ ᠪᠠᠶᠢᠭᠰᠠᠨ ᠭᠠᠵᠠᠷ ᠨᠢ ᠳᠠᠪᠤᠰᠤᠳᠤ ᠂ ᠴᠢᠨᠳᠠᠮᠤᠨᠢ ᠨᠠᠷᠨᠨᠪᠤᠯᠠᠭ ᠂  ᠦᠯᠦᠭᠡᠢ ᠂  ᠡᠮᠦᠨᠡᠭᠤᠪᠢ ᠂ ᠬᠤᠪᠲᠤ ᠰᠤᠮᠤ  ᠶᠢᠨ ᠳᠦᠷᠪᠡᠳ  ᠤᠳ ᠪᠦᠭᠡᠳ ᠨᠤᠲᠤᠭ  ᠤᠨ ᠬᠤᠪᠢ  ᠳᠤ ᠭᠡᠪᠡᠯ ᠄  ᠤᠪᠰᠤ ᠨᠠᠭᠤᠷ  ᠤᠨ ᠵᠡᠭᠦᠨ ᠬᠤᠢᠢᠲᠤ ᠭᠦᠪᠡᠭᠡ ᠡᠴᠡ  ᠡᠬᠢᠯᠡᠭᠡᠳ ᠲᠤᠷᠬᠤᠯᠢᠭ ᠂ ᠬᠠᠨᠳᠠᠭᠠᠢᠢᠲᠤ ᠪᠡᠷ ᠲᠤᠭᠤᠷᠢᠨ ᠤᠪᠰᠤ ᠨᠠᠭᠤᠷ  ᠤᠨ ᠪᠠᠷᠠᠭᠤᠨ ᠲᠠᠯ᠎ᠡ ᠪᠡᠷ ᠤᠷᠢᠶᠠᠵᠤ ᠬᠦᠨᠳᠡᠯᠡᠨ ᠂ ᠤᠯᠠᠭᠠᠨᠭᠤᠮ ᠤᠷᠤᠭᠰᠢ ᠨᠢ ᠰᠢᠷᠠᠪᠦ᠋ᠷᠢᠲᠤ ᠂ ᠪᠤᠷᠭᠠᠰᠤᠳᠠᠢ ᠂ ᠬᠤᠯᠪᠤᠭ᠎ᠡ ᠨᠠᠮᠢᠷᠢ  ᠶᠢᠨ ᠨᠠᠭᠤᠷ ᠪᠠ ᠭᠤᠤᠯ᠂ ᠶᠤᠯᠤ  ᠶᠢᠨ ᠠᠭᠤᠯᠠ ᠂ ᠱᠠᠭᠠᠵᠠᠭᠠᠢ  ᠶᠢᠨ ᠨᠠᠭᠤᠷ ᠂ ᠰᠢᠪᠡᠷ  ᠤᠨ ᠭᠤᠤᠯ  ᠶᠢᠡᠷ ᠳᠠᠭᠠᠷᠢᠨ ᠬᠤᠪᠲᠤ ᠭᠤᠤᠯ ᠂ ᠤᠰᠤᠨ ᠬᠤᠭᠤᠯᠠᠢ ᠂ ᠠᠴᠢᠲᠤ ᠨᠠᠭᠤᠷ  ᠤᠨ ᠬᠠᠷ᠎ᠡ ᠡᠯᠡᠰᠦ ᠬᠦᠷᠲᠡᠯᠡᠬᠢ ᠨᠤᠳᠤᠭ  ᠶᠤᠮ᠃ ᠭᠡᠷᠪᠡ ᠳᠡᠭᠡᠷ᠎ᠡ ᠳᠤᠷᠠᠳᠤᠭᠰᠠᠨ ᠭᠠᠵᠠᠷ  ᠤᠨ ᠨᠡᠷ᠎ᠡ  ᠶᠢᠨ ᠳᠡᠰ ᠳᠠᠷᠠᠭ᠎ᠡ ᠪᠡᠷ ᠤᠪᠰᠤ ᠨᠠᠭᠤᠷ  ᠤᠨ ᠵᠡᠬᠦᠨ ᠬᠤᠢᠢᠲᠤ ᠬᠦᠪᠡᠭᠡ ᠡᠴᠡ ᠠᠴᠢᠲᠤ ᠨᠠᠭᠤᠷ ᠬᠦᠷᠲᠡᠯ᠎ᠡ ᠵᠢᠷᠤᠪᠠᠯ ᠯᠠᠲ᠋ᠢᠨ 《 S 》ᠦᠰᠦᠭ ᠭᠡᠯᠪᠡᠷᠢᠲᠡᠢ ᠳᠦᠷᠰᠦ ᠡᠬᠦᠰᠬᠦ ᠪᠦᠭᠡᠳ ᠡᠨᠡ ᠨᠤᠲᠤᠭ  ᠤᠨ ᠭᠡᠯᠪᠡᠷᠢ ᠪᠡᠷ ᠳᠡᠭᠷᠡ ᠳᠠᠮᠠᠭ᠎ᠡ ᠡᠬᠦᠰᠴᠡᠢ᠃

ᠠᠷᠪᠠᠨ ᠵᠢᠵᠢᠭ ᠪᠡᠢᠢᠯᠡ ᠂  ᠪᠠᠢᠢᠰᠠ ᠂ ᠸᠠᠩ ᠂ ᠬᠦᠩ  ᠳᠤ ᠵᠠᠬᠢᠷᠤᠭᠳᠠᠵᠤ ᠪᠠᠶᠢᠭᠰᠠᠨ ᠠᠷᠪᠠᠨ ᠪᠠᠶᠠᠳ  ᠤᠨ ᠬᠤᠰᠢᠭᠤ ᠤᠯᠠᠨ ᠲᠠᠮᠠᠭ᠎ᠡ ᠲᠠᠢ ( ᠵᠢᠷᠤᠭ ᠠᠷᠪᠠᠨ ᠳᠦᠷᠪᠡ ) ᠪᠠᠢᠢᠵᠡᠢ ᠃ ᠡᠨᠡ ᠲᠠᠮᠠᠭ᠎ᠡ  ᠶᠢ ᠭᠡᠷᠡᠭᠯᠡᠵᠤ ᠪᠠᠶᠢᠭᠰᠠᠨ ᠨᠢ ᠤᠳᠤ  ᠶᠢᠨ ᠮᠠᠯᠴᠢᠨ ᠂ ᠵᠡᠬᠦᠨᠭᠤᠪᠢ ᠂ ᠲᠡᠰ ᠰᠤᠮᠤ ᠨᠤᠭᠤᠳ ᠶᠤᠮ᠃ ᠹᠸᠤᠳᠠᠯ  ᠤᠨ ᠨᠡᠶᠢᠭᠡᠮ  ᠤᠨ ᠵᠠᠰᠠᠭ ᠵᠠᠬᠢᠷᠭᠠᠨ  ᠤ ᠬᠤᠪᠢᠶᠠᠷᠢᠯᠠᠯᠳᠠ  ᠶᠢᠨ ᠬᠤᠪᠢ  ᠳᠤ ᠮᠠᠯᠴᠢᠨ  ᠤ ᠠᠭᠤᠯᠠᠷᠬᠠᠭ ᠬᠡᠰᠡᠭ ᠲᠤ ᠤᠯᠠᠭᠠᠨ ᠵᠢᠨᠤᠮ ᠪᠡᠢᠢᠯᠡ  ᠤᠨ ᠪᠠ ᠡᠷᠭᠡ ᠸᠠᠩ  ᠤᠨ ᠬᠤᠰᠢᠭᠤ ᠂ ᠬᠢᠷᠭᠠᠰᠦ  ᠶᠢᠨ  ᠠᠭᠤᠯᠠᠷᠬᠠᠭ ᠭᠡᠰᠡᠭ ᠲᠤ ᠲᠠᠶᠢᠵᠢ ᠸᠠᠩ  ᠤᠨ ᠪᠠ ᠰᠠᠷᠠᠭᠤᠯ ᠵᠠᠩᠵᠢ  ᠶᠢᠨ ᠬᠦᠩ  ᠤᠨ ᠬᠤᠰᠢᠭᠤ ᠂ ᠵᠡᠬᠦᠨᠭᠤᠪᠢ  ᠶᠢᠨ ᠭᠤᠪᠢᠷᠬᠠᠭ ᠬᠡᠰᠡᠭ ᠲᠤ ᠲᠦᠰᠢᠶ᠎ᠡ ᠬᠦᠩ᠂ ᠡᠷᠳᠡᠨᠢ ᠬᠦᠩ ᠷᠠᠰᠢ ᠬᠦᠩ   ᠤᠨ ᠬᠤᠰᠢᠭᠤ  ᠨᠤᠭᠤᠳ ᠂ ᠲᠡᠰ  ᠤᠨ ᠭᠤᠪᠢᠷᠬᠠᠭ ᠬᠡᠰᠡᠭ ᠲᠤ ᠹᠠᠨᠳᠠᠢ ᠪᠡᠢᠢᠯᠡ᠂  ᠳᠠᠶ᠎ᠡ ᠬᠦᠩ᠂ ᠵᠠᠩᠵᠢ  ᠶᠢᠨ ᠬᠦᠩ  ᠤᠨ ᠬᠤᠰᠢᠭᠤ  ᠨᠤᠭᠤᠳ ᠪᠠᠢ᠋ᠵᠡᠢ᠃ ᠠᠷᠪᠠᠨ ᠪᠠᠶᠠᠳ  ᠤᠨ ᠮᠠᠯᠴᠢᠨ ᠡᠴᠡ ᠬᠢᠷᠭᠠᠰᠦ ᠂ ᠬᠢᠷᠭᠠᠰᠦ ᠡᠴᠡ ᠵᠡᠬᠦᠨᠭᠤᠪᠢ ᠲᠡᠰ ᠂ ᠲᠡᠰ ᠡᠴᠡ ᠮᠠᠯᠴᠢᠨ ᠬᠦᠷᠲᠡᠯ᠎ᠡ ᠨᠤᠲᠤᠭ  ᠢ ᠬᠤᠭᠤᠷᠤᠨᠳᠤ ᠨᠢ ᠵᠢᠷᠤᠭᠠᠰᠦ ᠪᠡᠷ ᠬᠤᠯᠪᠤᠪᠠᠯ ᠲᠡᠭᠰᠢ ᠪᠤᠰᠤ ᠳᠦᠷᠪᠡᠯᠵᠢᠨ (ᠵᠢᠷᠤᠭ ᠠᠷᠪᠠᠨ ᠲᠠᠪᠤ ) ᠡᠬᠦᠰᠭᠡᠨ᠎ᠡ᠃ ᠡᠨᠡ ᠨᠢ ᠪᠠᠷᠤᠭ ᠲᠡᠭᠰᠢ ᠳᠦᠷᠪᠡᠯᠵᠢᠨ ᠶᠤᠮ (ᠵᠢᠷᠤᠭ ᠠᠷᠪᠠᠨ ᠵᠢᠷᠭᠤᠭ᠎ᠡ ) ᠭᠡᠷᠪᠡ ᠠᠷᠪᠠᠨ ᠪᠠᠶᠠᠳ  ᠤᠨ ᠳᠦᠷᠪᠡᠨ ᠵᠢᠵᠢᠭ ᠬᠤᠰᠢᠭᠤ ᠨᠢ ᠮᠠᠯᠴᠢᠨ ᠂ ᠬᠢᠷᠭᠠᠰᠦ  ᠶᠢᠨ ᠤᠢ ᠮᠤᠳᠤ ᠪᠦᠬᠦᠢ ᠠᠭᠤᠯᠠᠷᠬᠠᠭ ᠬᠠᠩᠭᠠᠢ  ᠶᠢᠨ ᠪᠦᠰᠡᠨ  ᠳᠤ ᠤᠷᠤᠰᠢᠳᠠᠭ ᠪᠤᠯ ᠂ ᠨᠦᠭᠦᠭᠡ ᠵᠢᠷᠭᠤᠭ᠎ᠡ ᠨᠢ ᠵᠡᠬᠦᠨᠭᠤᠪᠢ ᠂ ᠲᠡᠰ  ᠤᠨ ᠪᠦᠭᠦᠷᠭᠡ ᠲᠠᠯ᠎ᠡ ᠬᠦᠳᠡᠭᠡ ᠂ ᠭᠤᠤᠯ  ᠤᠨ ᠳᠠᠭᠠᠤ ᠨᠤᠲᠤᠭᠯᠠᠬᠤ ᠠᠵᠡᠢ᠃ ᠡᠶᠢᠮᠦ  ᠳᠤ ᠠᠷᠪᠠᠨ ᠪᠠᠶᠠᠳ ᠨᠢ ᠨᠤᠲᠤᠭ  ᠤᠨ ᠬᠤᠪᠢ  ᠳᠤ ᠬᠠᠩᠭᠠᠢ ᠂ ᠭᠤᠪᠢ ᠭᠡᠵᠤ ᠬᠤᠶᠠᠷ ᠭᠡᠰᠡᠭ ᠲᠤ ᠬᠤᠪᠢᠶᠠᠭᠳᠠᠨ᠎ᠡ᠃ ᠭᠡᠷᠪᠡ ᠠᠷᠪᠠᠨ ᠪᠠᠶᠠᠳ  ᠤᠨ ᠳᠡᠭᠡᠷᠡᠬᠢ ᠳᠦᠷᠪᠡᠯᠵᠢᠨ ᠭᠡᠯᠪᠡᠷᠢ ᠲᠠᠢ ᠨᠤᠲᠤᠭ  ᠤᠨ ᠬᠠᠩᠭᠠᠢ ᠭᠤᠪᠢ  ᠶᠢᠨ ᠵᠠᠪᠰᠠᠷ  ᠶᠢᠡᠷ ᠬᠤᠶᠠᠷ ᠬᠡᠰᠡᠭ ᠲᠤ ᠬᠤᠪᠢᠶᠠᠪᠠᠯ  ᠤᠯᠤᠩ  ᠤᠨ ᠭᠠᠷᠢᠬᠢ ᠲᠠᠢ ᠲᠦᠰᠦᠭᠡᠲᠡᠢ ᠳᠤᠮᠳᠠᠭᠤᠷ  ᠶᠢᠡᠨ ᠵᠢᠷᠤᠭᠠᠰᠦ ᠪᠦᠭᠦᠢ ᠳᠦᠷᠪᠡᠯᠵᠢᠨ ᠡᠬᠦᠰᠤᠨ᠎ᠡ ( ᠵᠢᠷᠤᠭ ᠠᠷᠪᠠᠨ ᠳᠦᠷᠪᠡ )᠃ ᠤᠯᠤᠩ ᠲᠠᠮᠠᠭ᠎ᠡ ᠢᠩᠬᠢᠵᠦ ᠡᠬᠦᠰᠦᠭᠰᠡᠨ ᠪᠤᠯᠤᠯᠲᠠᠢ᠃ ᠳᠦᠷᠪᠡᠳ ᠂ ᠪᠠᠶᠠᠳ  ᠤᠨ ᠭᠡᠷᠡᠭᠯᠡᠳᠡᠭ ᠦᠨᠳᠦᠰᠦᠨ ᠭᠤᠷᠪᠠᠨ ᠲᠠᠮᠠᠭ᠎ᠡ ᠨᠢ ᠢᠩᠬᠢᠵᠦ ᠨᠤᠲᠤᠭᠰᠢᠯ  ᠤᠨ ᠪᠠᠶᠢᠳᠠᠯ  ᠲᠠᠢ ᠤᠶᠠᠯᠳᠤᠨ ᠡᠭᠦᠰᠴᠡᠢ᠃

ᠭᠡᠳᠦᠨ ᠲᠦᠮᠡᠨ ᠪᠤᠳᠠ ᠮᠠᠯ  ᠢ ᠭᠤᠷᠪᠠᠬᠠᠨ ᠭᠡᠯᠪᠡᠷᠢ  ᠶᠢᠨ ᠲᠠᠮᠠᠭ᠎ᠡ ᠪᠡᠷ ᠲᠠᠮᠠᠭᠠᠯᠠᠭᠰᠠᠨ  ᠶᠢᠡᠷ ᠦᠪᠡᠷ ᠬᠤᠭᠤᠷᠤᠨᠳᠤ ᠨᠢ ᠶᠠᠭᠠᠬᠢᠵᠤ ᠢᠯᠭᠠᠨ ᠲᠠᠨᠢᠬᠤ ᠪᠤᠢ ᠭᠡᠳᠡᠭ ᠠᠰᠠᠭᠤᠳᠠᠯ ᠭᠠᠷᠴᠤ ᠪᠠᠶᠢᠬᠤ ᠨᠢ ᠵᠠᠢ᠋ᠯᠠᠰᠢ ᠦᠭᠡᠢ ᠶᠤᠮ ᠃ ᠭᠡᠲᠡᠯ᠎ᠡ ᠵᠦᠪᠭᠡᠨ ᠰᠠᠷᠠᠨ ᠲᠠᠮᠠᠭ᠎ᠡ ᠠᠷᠪᠠᠨ ᠬᠤᠶᠠᠷ ᠶᠠᠩᠵᠤ ᠪᠠᠶᠢᠭᠰᠠᠨ ᠶᠤᠮ᠃ ᠪᠠᠰᠠ ᠳᠠᠪᠬᠤᠷ ᠰᠠᠷᠠᠨ ᠂ ᠳᠠᠪᠬᠤᠷ ᠳᠡᠭᠷᠡ ᠳᠠᠪᠬᠤᠷ ᠤᠯᠤᠩ ( ᠵᠢᠷᠤᠭ ᠠᠷᠪᠠᠨ ᠳᠤᠯᠤᠭ᠎ᠡ ᠂ ᠵᠢᠷᠤᠭ ᠠᠷᠪᠠᠨ ᠨᠢ᠋ᠮᠠ ᠂ ᠵᠢᠷᠤᠭ ᠠᠷᠪᠠᠨ ᠶᠢᠰᠦ )᠂ ᠭᠡᠬᠦ ᠪᠤᠶᠤ ᠮᠠᠯ  ᠤᠨ ᠪᠠᠷᠠᠭᠤᠨ ᠵᠡᠭᠦᠨ ᠬᠠ ᠂ ᠭᠤᠶ᠎ᠡ ᠂ ᠲᠠᠰᠢᠶ᠎ᠡ  ᠶᠢᠨ ᠠᠯᠢᠨ  ᠳᠤ ᠨᠢ ᠴᠤᠬᠤᠮ ᠬᠠᠮᠢᠭᠠᠰᠢ ᠨᠢ ᠬᠠᠷᠠᠭᠤᠯᠵᠤ ᠲᠠᠮᠠᠭᠠᠯᠠᠭᠰᠠᠨ ( ᠪᠤᠰᠤᠭ᠎ᠡ ᠂ ᠬᠦᠨᠳᠡᠯᠡᠨ ᠂ ᠲᠠᠰᠢᠭᠤ ) ᠵᠡᠷᠭᠡ ᠪᠡᠷ ᠬᠤᠪᠢᠷᠭᠠᠨ ᠲᠤᠭᠠᠯᠠᠪᠠᠯ ᠮᠠᠰᠢ ᠤᠯᠠᠨ ᠶᠠᠩᠵᠤ ᠪᠡᠷ ᠲᠠᠮᠠᠭᠠᠯᠠᠵᠤ ᠪᠤᠯᠤᠨ᠎ᠡ᠃ ᠮᠦᠨ ᠨᠢᠭᠡ ᠠᠶᠢᠯ ᠪᠦᠬᠦ ᠠᠳᠤᠭᠤᠨ  ᠳᠤ ᠪᠡᠨ ᠨᠢᠴᠦᠬᠦᠨ ᠰᠠᠷᠠ  ᠶᠢ ᠳᠤᠷᠤᠭᠰᠢ ᠨᠢ ᠬᠠᠷᠠᠭᠤᠯᠵᠤ ᠵᠦᠪ ᠲᠠᠰᠢᠶᠠᠨ ᠳᠡᠭᠡᠷ᠎ᠡ ᠨᠢ ᠲᠠᠮᠠᠭᠠᠯᠠᠭᠰᠠᠨ ᠪᠠᠶᠢᠬᠤ  ᠳᠤ ( ᠵᠢᠷᠤᠭ ᠬᠤᠷᠢ ) ᠨᠦᠭᠦᠭᠡ ᠠᠶᠢᠯ ᠪᠦᠬᠦ ᠠᠳᠤᠭᠤᠨ  ᠳᠤ ᠪᠡᠨ ᠨᠢᠬᠡ ᠦᠷᠭᠡᠰᠦ ᠲᠠᠢ ᠰᠠᠷᠠ  ᠶᠢ ᠪᠤᠷᠤᠭᠤ ᠲᠠᠰᠢᠶᠠᠨ ᠳᠡᠭᠡᠷ᠎ᠡ ᠨᠢ ᠬᠠᠷᠠᠭᠤᠯᠵᠤ ᠲᠠᠮᠠᠭᠠᠯᠠᠬᠤ ( ᠵᠢᠷᠤᠭ ᠬᠤᠷᠢᠨ ᠨᠢᠭᠡ ) ᠵᠢᠱᠢᠶ᠎ᠡ ᠪᠡᠷ ᠤᠯᠠᠨ ᠶᠠᠩᠵᠤ ᠬᠤᠪᠢᠷᠠᠨ᠎ᠡ᠃ ᠤᠯᠤᠮ ᠲᠠᠮᠠᠭ᠎ᠡ ᠴᠤ ᠭᠡᠰᠡᠨ ᠨᠡᠯᠢᠶᠡᠳ ᠤᠯᠠᠨ ᠶᠠᠩᠵᠤ ᠶᠤᠮ᠃ ᠵᠢᠱᠢᠶ᠎ᠡ ᠨᠢ ᠤᠳᠤ  ᠶᠢᠨ ᠮᠠᠯᠴᠢᠨ ᠭᠢᠷᠭᠠᠰᠦ  ᠶᠢᠨ ᠦᠪᠦᠷ ᠲᠠᠯ᠎ᠡ  ᠶᠢᠨ ᠶᠠᠭᠡᠩᠬᠢ ᠨᠤᠲᠤᠭ  ᠶᠢᠡᠷ ᠮᠤᠬᠤᠷ ᠤᠯᠤᠩ ( ᠵᠢᠷᠤᠭ ᠠᠷᠪᠠᠨ ᠳᠦᠷᠪᠡ ) ᠵᠠᠭᠠᠭᠲᠤ ᠤᠯᠤᠩ ( ᠵᠢᠷᠤᠭ ᠬᠤᠷᠢᠨ ᠬᠤᠶᠠᠷ ) ᠵᠡᠬᠦᠨᠭᠤᠪᠢ ᠂ ᠬᠢᠷᠭᠠᠰᠦ  ᠶᠢᠨ ᠵᠠᠷᠢᠮ ᠬᠡᠰᠡᠭ  ᠶᠢᠡᠷ ᠨᠢᠭᠡ ᠪᠤᠶᠤ ᠬᠤᠶᠠᠷ ᠦᠷᠭᠡᠰᠦᠲᠦ ᠤᠯᠤᠩ ( ᠵᠢᠷᠤᠭ ᠬᠤᠷᠢᠨ ᠭᠤᠷᠪᠠ ) ᠵᠡᠬᠦᠨᠭᠤᠪᠢ  ᠶᠢᠨ ᠶᠡᠭᠡᠩᠬᠢ ᠨᠤᠲᠤᠭ  ᠶᠢᠡᠷ ᠪᠤᠢᠯᠲᠠ ᠤᠯᠤᠩ ( ᠵᠢᠷᠤᠭ ᠬᠤᠷᠢᠨ ᠳᠦᠷᠪᠡ ) ᠲᠡᠰ  ᠤᠨ ᠤᠷᠴᠢᠮ ᠨᠤᠲᠤᠭ  ᠶᠢᠡᠷ ᠵᠢᠩᠰᠠᠲᠤ ᠤᠯᠤᠮ ( ᠵᠢᠷᠤᠭ ᠬᠤᠷᠢᠨ ᠲᠠᠪᠤ ) ᠲᠠᠮᠠᠭ᠎ᠡ  ᠨᠤᠭᠤᠳ  ᠢ ᠭᠡᠷᠡᠭᠯᠡᠵᠦ ᠪᠠᠢ᠋ᠵᠡᠢ᠃ ᠡᠨᠡ ᠨᠢ ᠨᠢᠭᠡ ᠲᠠᠯ᠎ᠡ ᠪᠡᠷ ᠦᠪᠡᠷ ᠬᠤᠭᠤᠷᠤᠨᠳᠤ ᠨᠢ ᠢᠯᠭᠠᠬᠤ  ᠶᠢᠨ ᠲᠤᠯᠠᠳᠠ ᠨᠦᠬᠦᠭᠡ ᠲᠠᠯ᠎ᠡ ᠪᠡᠷ ᠮᠦᠨ ᠳᠠᠯᠠᠢ  ᠶᠢᠨ ᠬᠠᠨ  ᠤ ᠰᠠᠷᠠ ᠲᠠᠮᠠᠭ᠎ᠡ  ᠨᠤᠭᠤᠳ  ᠤᠨ ᠨᠢᠭᠡᠨ ᠠᠳᠠᠯᠢ ᠶᠠᠮᠠᠷ ᠨᠢᠭᠡ ᠤᠳᠬ᠎ᠡ ᠠᠭᠤᠯᠭ᠎ᠡ ᠲᠠᠢ ᠴᠤ ᠪᠠᠶᠢᠵᠤ ᠪᠤᠯᠬᠤ ᠶᠤᠮ᠃ ᠲᠠᠮᠠᠭ᠎ᠡ  ᠨᠤᠭᠤᠳ ᠡᠶᠢᠮᠦ ᠤᠯᠠᠨ ᠶᠠᠩᠵᠤ ᠪᠠᠶᠢᠳᠠᠭ  ᠤᠨ ᠤᠴᠢᠷ ᠨᠤᠲᠤᠭ  ᠤᠨ ᠬᠦᠮᠦᠰ ᠠᠯᠳᠠᠭᠤᠯ ᠮᠠᠯ ᠬᠠᠷᠠᠭᠠᠳ ᠲᠡᠳᠡᠨ  ᠤ ᠮᠠᠯ ᠭᠡᠳᠡᠭ  ᠢ ᠮᠠᠯ  ᠤᠨ ᠵᠢᠰᠤ ᠭᠠᠯᠪᠢᠷ  ᠶᠢᠡᠷ ᠨᠢ ᠲᠠᠨᠢᠬᠤ ᠦᠭᠡᠢ ᠪᠤᠯᠪᠠᠴᠤ ᠲᠡᠳᠡᠨ  ᠤ ᠲᠠᠮᠠᠭ᠎ᠡ ᠲᠠᠢ ᠶᠤᠮ ᠭᠡᠵᠤ ᠲᠠᠮᠠᠭ᠎ᠠ ᠪᠡᠷ ᠨᠢ ᠲᠠᠨᠢᠳᠠᠭ ᠪᠠᠢᠨ᠎ᠡ᠃

ᠳᠦᠷᠪᠡᠳ ᠂ ᠪᠠᠶᠠᠳ ᠮᠠᠯ  ᠤᠨ ᠲᠠᠮᠠᠭᠠᠨ  ᠤ ᠲᠠᠯ᠎ᠡ ᠪᠡᠷ ᠨᠤᠲᠤᠭ  ᠤᠨ ᠦᠨᠳᠦᠷ ᠨᠠᠰᠤᠳᠠᠢ ᠬᠦᠮᠦᠰ ᠡᠴᠡ ᠰᠤᠷᠪᠤᠯᠵᠢᠯᠠᠵᠤ ᠵᠠᠷᠢᠮ  ᠳᠤ ᠨᠢ ᠰᠤᠳᠤᠯᠭ᠎ᠡ ᠬᠢᠭᠰᠡᠨ ᠡᠴᠡ ᠲᠤᠪᠴᠢ ᠳᠤᠷᠠᠳᠬᠤ  ᠳᠤ ᠡᠶᠢᠮᠦ ᠪᠠᠢ᠋ᠪᠠ᠃ ᠵᠢᠴᠢ ᠄ ᠳᠦᠷᠪᠡᠳ᠂ ᠪᠠᠶᠠᠳ  ᠤᠨ ᠮᠠᠯ  ᠤᠨ ᠳᠤᠲᠤᠷ᠎ᠡ《 ᠴᠢᠨᠳᠠᠮᠤᠨᠢ ᠂ ᠳᠤᠷᠤᠮ᠂ ᠬᠠᠰ ᠴᠡᠴᠡᠭ ᠂ ᠰᠠᠷᠠᠨ ᠂ ᠨᠠᠷᠠᠨ᠂ ᠲᠠᠪᠤᠨ ᠬᠤᠰᠢᠭᠤ 》ᠵᠡᠷᠭᠡ ᠲᠠᠮᠠᠭ᠎ᠡ ᠲᠠᠢ ᠮᠠᠯ ᠪᠠᠶᠢᠬᠤ ᠪᠤᠯᠪᠠᠴᠤ ᠡᠨᠡ ᠨᠢ ᠦᠨᠳᠦᠰᠦᠨ ᠲᠠᠮᠠᠭ᠎ᠡ ᠪᠢᠰᠢ ᠪᠦᠭᠡᠳ ᠪᠤᠰᠤᠳ ᠬᠤᠰᠢᠭᠤ ᠨᠤᠲᠤᠭ ᠠᠶᠢᠮᠠᠭ ᠰᠤᠮᠤ  ᠨᠤᠭᠤᠳ ᠡᠴᠡ ᠬᠤᠳᠠᠯᠳᠤᠵᠤ ᠠᠪᠤᠭᠰᠠᠨ ᠮᠠᠯ  ᠳᠤ ᠪᠤᠶᠤ ᠵᠠᠷᠢᠮ ᠬᠦᠮᠦᠰ ᠵᠤᠷᠢᠭᠤᠳᠠ ᠰᠤᠨᠢᠷᠬᠠᠵᠤ ᠲᠠᠯᠪᠢᠭᠰᠠᠨ ᠵᠡᠷᠭᠡ ᠰᠢᠯᠳᠠᠭᠠᠨ ᠡᠴᠡ ᠳᠡᠭᠡᠷᠡᠬᠢ ᠲᠠᠮᠠᠭ᠎ᠡ  ᠨᠤᠭᠤᠳ ᠳᠠᠭᠠᠷᠠᠯᠳᠤᠨ᠎ᠡ᠃

ᠳᠦᠷᠪᠡᠳ ᠂  ᠪᠠᠶᠠᠳ ᠮᠠᠯ  ᠤᠨ ᠢᠮ  ᠢ ᠭᠤᠤᠯᠳᠠᠭᠤ ᠪᠤᠭ ᠮᠠᠯ  ᠳᠤ ᠭᠡᠷᠡᠭᠯᠡᠳᠡᠭ ᠪᠠᠶᠢᠭᠰᠠᠨ ᠲᠤᠬᠠᠢ ᠳᠡᠭᠡᠷ᠎ᠡ ᠦᠭᠦᠯᠡᠭᠰᠡᠨ ᠪᠢᠯᠡ᠃ ᠲᠦᠷᠪᠡᠳ᠂ ᠪᠠᠶᠠᠳ ᠲᠤᠤᠷ᠎ᠡ ᠳᠤᠷᠠᠳᠤᠭᠰᠠᠨ ᠢᠮ  ᠤᠳ  ᠶᠢᠡᠷ ᠮᠠᠯ  ᠶᠢᠡᠨ ᠭᠤᠤᠯᠳᠠᠭᠤ ᠢᠮᠨᠡᠳᠡᠭ ᠪᠠᠢ᠋ᠵᠡᠢ᠃ ᠡᠬᠦᠨ  ᠳᠤ ᠄ ᠴᠦᠭᠦᠷᠢᠭ ( ᠵᠢᠷᠤᠭ ᠬᠤᠷᠢᠨ ᠵᠢᠷᠭᠤᠭ᠎ᠡ )᠂ ᠤᠨᠤᠭ᠎ᠡ ( ᠵᠢᠷᠤᠭ ᠬᠤᠷᠢᠨ ᠳᠤᠯᠤᠭ᠎ᠡ )᠂ ᠰᠤᠳᠤ ( ᠵᠢᠷᠤᠭ ᠬᠤᠷᠢᠨ ᠨᠢ᠋ᠮᠠ )᠂ ᠴᠤᠭᠤᠷᠬᠠᠢ ( ᠵᠢᠷᠤᠭ ᠬᠤᠷᠢᠨ ᠶᠢᠰᠦ )᠂ ᠭᠠᠨᠵᠤᠷᠭ᠎ᠡ ( ᠵᠢᠷᠤᠭ ᠭᠤᠴᠢ )᠂  ᠰᠠᠮ ( ᠵᠢᠷᠤᠭ ᠭᠤᠴᠢᠨ ᠨᠢᠭᠡ )᠂ ᠰᠢᠷᠭᠤᠯᠵᠢ ( ᠵᠢᠷᠤᠭ ᠭᠤᠴᠢᠨ ᠬᠤᠶᠠᠷ ) ᠵᠢᠷᠦᠭᠡ ( ᠵᠢᠷᠤᠭ ᠬᠤᠴᠢᠨ ᠭᠤᠷᠪᠠ )᠂ ᠲᠠᠭᠠᠷᠢᠩᠬᠠᠢ ( ᠵᠢᠷᠤᠭ ᠭᠤᠴᠢᠨ ᠲᠦᠷᠪᠡ ) ᠡᠳᠡᠭᠡᠷ ᠦᠨᠳᠦᠰᠦᠨ ᠶᠢᠰᠦᠨ ᠢᠮ ᠪᠠᠢᠬᠤ ᠪᠦᠭᠡᠳ ᠡᠬᠦᠨ  ᠢ ᠬᠤᠶᠠᠷ ᠲᠠᠯ᠎ᠡ  ᠶᠢᠨ ᠴᠢᠬᠢᠨ  ᠳᠤ ᠬᠤᠪᠢᠷᠭᠠᠨ ᠭᠡᠷᠡᠭᠯᠡᠪᠡᠯ ᠨᠡᠯᠢᠶᠡᠳ ᠤᠯᠠᠨ ᠳᠦᠷᠰᠦ  ᠶᠢᠨ ᠢᠮ ᠪᠤᠯᠤᠨ᠎ᠡ᠃ ᠵᠢᠱᠢᠶ᠎ᠡ ᠨᠢ ᠄ ᠵᠦᠪᠭᠡᠨ ᠴᠦᠭᠦᠷᠢᠭ ᠢᠮ  ᠢ ᠪᠠᠷᠭᠠᠤᠨ ᠴᠢᠬᠢᠨ  ᠳᠤ ᠳᠠᠩ ᠪᠠ ᠳᠠᠪᠬᠤᠷ ᠴᠦᠭᠦᠷᠢᠭ ᠭᠡᠳᠡᠭ ᠨᠡᠷ᠎ᠡ ᠪᠡᠷ ᠤᠷᠢᠳᠦ ᠡᠴᠡ ᠨᠢ ᠪᠤᠶᠤ ᠬᠤᠢᠨ᠎ᠡ ᠡᠴᠡ ᠨᠢ ᠢᠮᠨᠡᠬᠦ  ᠳᠤ ᠵᠢᠷᠭᠤᠭᠠᠨ ᠶᠠᠩᠵᠤ ᠪᠡᠷ ᠢᠮᠨᠡᠵᠤ ᠪᠤᠯᠤᠨ᠎ᠡ ( ᠵᠢᠷᠤᠭ ᠬᠤᠷᠢᠨ ᠵᠢᠷᠭᠤᠭ᠎ᠡ ᠂ ᠭᠤᠴᠢᠨ ᠲᠠᠪᠤ ᠂ ᠭᠤᠴᠢᠨ ᠵᠢᠷᠭᠤᠭ᠎ᠡ ᠂ ᠭᠤᠴᠢᠨ ᠳᠤᠯᠤᠭ᠎ᠡ ᠂ ᠭᠤᠴᠢᠨ ᠨᠢ᠋ᠮᠠ ᠂ ᠭᠤᠴᠢᠨ ᠶᠢᠰᠦ ) ᠨᠦᠬᠦᠭᠡ ᠲᠠᠯ᠎ᠡ  ᠶᠢᠨ ᠵᠡᠬᠦᠨ ᠴᠢᠬᠢᠨ  ᠳᠤ ᠮᠦᠨ ᠡᠨᠡ ᠮᠡᠲᠤ ᠪᠡᠷ ᠵᠢᠷᠭᠤᠭᠠᠨ ᠶᠠᠩᠵᠤ ᠂ ᠪᠦᠬᠦᠳᠡ ᠠᠷᠪᠠᠨ ᠬᠤᠶᠠᠷ ᠢᠮᠨᠡᠵᠤ ᠪᠤᠯᠤᠨ᠎ᠡ᠃ ᠭᠡᠷᠪᠡ ᠨᠢᠭᠡ ᠬᠤᠨᠢᠨ  ᠤ ᠪᠠᠷᠠᠭᠤᠨ ᠵᠡᠬᠦᠨ ᠬᠤᠶᠠᠷ ᠴᠢᠬᠢ  ᠶᠢ ᠳᠡᠭᠡᠷᠡᠬᠢ ᠭᠡᠯᠪᠡᠷᠢ  ᠨᠤᠭᠤᠳ  ᠶᠢᠡᠷ ᠵᠦᠷᠢᠭᠦᠯᠵᠦ ᠢᠮᠨᠡᠪᠡᠯ ᠲᠤᠰ ᠪᠦᠷᠢ ᠠᠷᠪᠠᠨ ᠬᠤᠶᠠᠷ ᠶᠠᠩᠵᠤ ᠪᠤᠯᠬᠤ ᠪᠦᠭᠡᠳ ᠪᠦᠬᠦᠳᠡ 12*6 = 72 ᠪᠤᠯᠤᠨ᠎ᠡ᠃ ᠡᠬᠦᠨ  ᠤ ᠳᠡᠭᠡᠷ᠎ᠡ ᠲᠦᠷᠦᠭᠦᠴᠢ  ᠶᠢᠨ  ᠴᠢᠬᠢ ᠲᠤᠰ ᠪᠦᠷᠢ  ᠶᠢᠨ ᠵᠢᠷᠭᠤᠭᠠᠨ ᠶᠠᠩᠵᠤ ᠪᠦᠭᠦᠳᠡ ᠠᠷᠪᠠᠨ ᠬᠤᠶᠠᠷ  ᠢ ᠨᠡᠮᠡᠪᠡᠯ ᠵᠦᠪᠭᠡᠨ ᠳᠠᠩ ᠳᠠᠪᠬᠤᠷ ᠴᠦᠬᠦᠷᠢᠭ ᠢᠮ  ᠶᠢᠡᠷ ᠨᠠᠶᠠᠨ ᠳᠦᠷᠪᠡᠨ ᠬᠤᠨᠢ  ᠶᠢ ᠬᠤᠭᠤᠷᠤᠨᠳᠤ ᠨᠢ ᠠᠳᠠᠯᠢ ᠪᠤᠰᠤ ᠪᠡᠷ ᠢᠮᠨᠡᠵᠤ ᠪᠤᠯᠤᠨ᠎ᠡ᠃ ᠡᠬᠦᠨᠴᠢᠯᠡᠨ ᠲᠠᠩ ᠪᠠ ᠳᠠᠪᠬᠤᠷ ᠰᠤᠳᠤ ᠢᠮ  ᠶᠢᠡᠷ ( ᠵᠢᠷᠤᠭ ᠬᠤᠷᠢᠨ ᠨᠢ᠋ᠮᠠ ᠂ ᠳᠦᠴᠢ ) ᠮᠦᠨ ᠨᠠᠶᠠᠨ ᠳᠦᠷᠪᠡᠨ ᠶᠠᠩᠵᠤ ᠂ ᠳᠠᠩ ᠳᠠᠪᠬᠤᠷ ᠴᠤᠭᠤᠷᠬᠠᠢ ᠪᠡᠷ ( ᠵᠢᠷᠤᠭ ᠬᠤᠷᠢᠨ ᠶᠢᠰᠦ ᠂ ᠵᠢᠷᠤᠭ ᠳᠦᠴᠢᠨ ᠨᠢᠭᠡ ) ᠨᠢ᠋᠋ᠮᠠᠨ ᠶᠠᠩᠵᠤ᠂ ᠳᠠᠩ ᠪᠠ ᠳᠠᠪᠬᠤᠷ ᠰᠢᠷᠭᠤᠯᠵᠢᠨ ᠢᠮ  ᠶᠢᠡᠷ ᠨᠢ᠋ᠮᠠᠨ ᠶᠠᠩᠵᠤ ( ᠵᠢᠷᠤᠭ ᠭᠤᠴᠢᠨ ᠬᠤᠶᠠᠷ ᠂ ᠳᠦᠴᠢᠨ ᠬᠤᠶᠠᠷ )ᠤᠨᠤᠭ᠎ᠡ᠂ ᠭᠠᠨᠵᠤᠭ᠎ᠡ ᠂ ᠦᠨᠳᠦᠰᠦᠨ ᠶᠢᠰᠦᠨ ᠢᠮ  ᠤᠨ ᠭᠡᠯᠪᠡᠷᠢ ᠪᠡᠷ ( 84 + 84 + 8 + 8 + 15 = ) 199 ᠬᠤᠨᠢ  ᠶᠢ ᠬᠤᠭᠤᠷᠤᠨᠳᠤ ᠨᠢ ᠠᠳᠠᠯᠢ ᠪᠤᠰᠤ ᠪᠡᠷ ᠢᠮᠨᠡᠵᠤ ᠪᠤᠯᠤᠨ᠎ᠡ᠃ ᠲᠡᠭᠡᠪᠡᠯ ᠳᠡᠭᠡᠷ᠎ᠡ ᠳᠤᠷᠠᠳᠤᠭᠰᠠᠨ ᠶᠢᠰᠦᠨ ᠢᠮ  ᠢ ᠬᠤᠭᠤᠷᠤᠨᠳᠤ ᠨᠢ ᠬᠤᠯᠢᠵᠤ ᠨᠢᠭᠡ ᠪᠤᠶᠤ ᠬᠤᠶᠠᠷ ᠴᠢᠬᠢᠨ ᠳᠤ ᠵᠢᠱᠢᠶ᠎ᠡ ᠨᠢ ᠪᠠᠷᠠᠭᠤᠨ ᠴᠢᠬᠢ ᠨᠢ ᠠᠷᠤ ᠡᠴᠡ ᠪᠡᠨ ᠴᠦᠬᠦᠷᠢᠭ ᠂ ᠤᠷᠢᠳᠦ ᠡᠴᠡ ᠪᠡᠨ ᠰᠤᠳᠤ ᠢᠮ ᠲᠠᠢ ᠭᠡᠬᠦ ᠪᠤᠶᠤ ᠪᠠᠷᠠᠭᠤᠨ ᠴᠢᠬᠢ ᠨᠢ ᠤᠷᠢᠳᠦ ᠡᠴᠡ ᠪᠡᠨ ᠳᠠᠪᠬᠤᠷ ᠴᠦᠭᠦᠷᠢᠭ ᠂ ᠵᠡᠬᠦᠨ ᠴᠢᠬᠢ ᠨᠢ ᠬᠠᠨᠵᠤᠭ᠎ᠡ ᠪᠦᠭᠡᠳ ᠬᠤᠢᠨ᠎ᠡ ᠡᠴᠡ ᠪᠡᠨ ᠰᠤᠳᠤ ᠢᠮ ᠲᠠᠢ ᠬᠤᠨᠢ ᠭᠡᠬᠦ ᠮᠡᠲᠤ ᠪᠡᠷ ᠢᠮᠨᠡᠪᠡᠯ ᠭᠡᠴᠢᠨᠡᠬᠡᠨ ᠬᠤᠨᠢ  ᠶᠢ ᠠᠳᠠᠯᠢ ᠪᠤᠰᠤ ᠪᠡᠷ ᠢᠮᠨᠡᠵᠦ ᠪᠤᠯᠬᠤ  ᠶᠢ ᠪᠤᠳᠤᠵᠤ ᠭᠠᠷᠭᠠᠬᠤ  ᠳᠤ  ᠨᠡᠯᠢᠶᠡᠳ ᠬᠦᠳᠡᠯᠮᠦᠷᠢ ᠱᠠᠭᠠᠷᠳᠠᠭᠳᠠᠨ᠎ᠠ᠃ ᠵᠦᠪᠭᠡᠨ ᠳᠡᠭᠡᠷ᠎ᠡ ᠭᠠᠷᠤᠭᠰᠠᠨ 199  ᠶᠢ ᠦᠨᠳᠦᠰᠦᠨ ᠶᠢᠰᠦᠨ ᠢᠮ  ᠶᠢᠡᠷ ᠦᠷᠡᠵᠢᠭᠦᠯᠪᠡᠯ 1791 ᠶᠠᠩᠵᠤ ᠪᠡᠷ ᠢᠮᠨᠡᠵᠤ ᠪᠤᠯᠬᠤ ᠪᠠᠢᠨ᠎ᠡ᠃ ᠡᠬᠦᠨ ᠡᠴᠡ ᠦᠵᠡᠬᠦ  ᠳᠤ ᠮᠠᠨ  ᠤ ᠮᠠᠯᠴᠢᠳ ᠡᠴᠢᠭᠡ ᠡᠪᠦᠭᠡᠳ ᠮᠠᠯ  ᠤᠨ ᠢᠮ ᠲᠠᠮᠠᠭ᠎ᠡ  ᠶᠢ ᠤᠴᠢᠷ ᠤᠳᠬ᠎ᠡ ᠦᠭᠡᠢ ᠦᠢᠯᠡᠳᠦᠭᠰᠡᠨ ᠦᠭᠡᠢ᠂ ᠬᠠᠷᠢᠨ ᠠᠭᠤᠯᠭ᠎ᠡ ᠲᠠᠢ ᠪᠦᠭᠡᠳ ᠲᠤᠭ᠎ᠡ ( ᠭᠡᠯᠪᠡᠷᠢ ) ᠪᠡᠷ ᠴᠦᠭᠡᠨ ᠴᠤ ᠭᠡᠰᠡᠨ ᠤᠯᠠᠨ ᠶᠠᠩᠵᠤ ᠪᠡᠷ ᠬᠤᠪᠢᠷᠭᠠᠵᠤ ᠂ ᠤᠯᠠᠨ ᠲᠤᠭᠠᠨ  ᠤ ᠮᠠᠯ ᠢᠮᠨᠡᠵᠤ ᠲᠠᠮᠠᠭᠠᠯᠠᠵᠤ ᠪᠤᠯᠬᠤ ᠪᠡᠷ ᠰᠡᠳᠬᠢᠨ ᠵᠤᠬᠢᠶᠠᠵᠤ ᠭᠡᠷᠡᠭᠯᠡᠵᠤ ᠪᠠᠶᠢᠭᠰᠠᠨ ᠨᠢ ᠢᠯᠡᠳᠳᠡ ᠪᠠᠢᠨ᠎ᠡ᠃

ᠲᠠᠰᠢᠷᠠᠮ  ᠳᠤ ᠦᠬᠦᠯᠡᠬᠦ  ᠳᠤ ᠳᠦᠷᠪᠡᠳ᠂ ᠪᠠᠶᠠᠳ  ᠤᠨ ᠳᠤᠲᠤᠷ᠎ᠡ ᠦᠭᠡᠷ᠎ᠡ ᠭᠡᠯᠪᠡᠷᠢ ᠳᠦᠷᠰᠦ  ᠶᠢᠨ ᠢᠮ ᠲᠠᠮᠠᠭ᠎ᠡ ᠪᠠᠰᠠ ᠪᠠᠶᠢᠵᠤ ᠪᠤᠯᠬᠤ ᠪᠦᠭᠡᠳ ᠳᠦᠷᠪᠡᠳ ᠂ ᠪᠠᠶᠠᠳ ᠭᠡᠷᠡᠭᠯᠡᠵᠤ ᠪᠠᠶᠢᠭᠰᠠᠨ ᠢᠮ ᠲᠠᠮᠠᠭ᠎ᠡ ᠶᠠᠭ ᠲᠡᠷᠡ ᠨᠡᠷ᠎ᠡ ᠪᠡᠷ ᠶᠢᠡᠨ ᠪᠤᠶᠤ ᠦᠭᠡᠷ᠎ᠡ ᠨᠡᠷ᠎ᠡ ᠲᠠᠢ ᠪᠡᠷ ᠮᠤᠩᠭᠤᠯ ᠤᠷᠤᠨ  ᠤ ᠪᠤᠰᠤᠳ ᠨᠤᠲᠤᠭ ᠠᠶᠢᠮᠠᠭ ᠂ ᠶᠠᠰᠤᠳᠠᠨ ᠦᠨᠳᠦᠰᠦᠳᠡᠨ  ᠤ ᠳᠤᠲᠤᠷ᠎ᠡ ᠮᠦᠨ ᠳᠡᠭᠡᠷ᠎ᠡ ᠦᠶ᠎ᠡ ᠡᠴᠡ ᠭᠡᠷᠡᠭᠯᠡᠭᠳᠡᠵᠤ ᠢᠷᠡᠵᠡᠢ᠃ ᠬᠠᠷᠢᠨ ᠡᠬᠦᠰᠦᠯ ᠭᠠᠷᠤᠯ  ᠤᠨ ᠬᠤᠪᠢ  ᠳᠤ  ᠬᠤᠯᠪᠤᠭ᠎ᠡ ᠲᠠᠢ ᠤᠤ ᠦᠭᠡᠢ ᠤᠤ ᠶᠠᠭᠠᠬᠢᠭᠠᠳ ᠠᠯᠤᠰ ᠬᠤᠯᠠ ᠤᠷᠤᠰᠢᠭᠴᠢ  ᠶᠠᠰᠤᠳᠠᠨ ᠦᠨᠳᠦᠰᠦᠳᠡᠨ ᠨᠤᠭᠦᠳ ᠵᠠᠷᠢᠮ ᠢᠮ ᠲᠠᠮᠠᠭ᠎ᠡ  ᠶᠢ ᠠᠳᠠᠯᠢᠬᠠᠨ ᠭᠡᠷᠡᠭᠯᠡᠬᠦ ᠪᠤᠯᠤᠭᠰᠠᠨ ᠶᠤᠮ ᠪᠤᠢ ᠭᠡᠳᠡᠭ  ᠢ ᠬᠠᠷᠠᠬᠠᠨ ᠰᠤᠷᠪᠤᠯᠵᠢᠯᠠᠵᠤ ᠮᠡᠳᠡᠭᠡ ᠦᠭᠡᠢ ᠪᠠᠢᠨ᠎ᠡ᠃ ᠳᠡᠭᠡᠷ᠎ᠡ ᠦᠶ᠎ᠡ  ᠶᠢᠨ ᠨᠡᠭᠦᠳᠡᠯᠴᠢᠨ ᠮᠤᠩᠭᠤᠯ ᠤᠷᠤᠨ  ᠳᠤ  ᠨᠡᠭᠦᠳᠡᠯᠯᠡᠨ ᠬᠤᠯᠢᠯᠳᠤᠬᠤ ᠳᠠᠶᠢᠨ ᠳᠠᠵᠢᠨ  ᠤ ᠦᠶ᠎ᠡ ᠪᠡᠷ ᠠᠳᠤᠭᠤ ᠮᠠᠯ ᠤᠯᠵᠠᠯᠠᠬᠤ᠂ ᠬᠤᠳᠠᠯᠳᠤᠭ᠎ᠡ ᠠᠷᠠᠯᠵᠢᠶ᠎ᠡ ᠵᠡᠷᠭᠡ ᠶᠠᠩᠵᠤ ᠪᠦᠷᠢ  ᠶᠢᠨ ᠵᠠᠮ  ᠶᠢᠡᠷ ᠢᠮ ᠲᠠᠮᠠᠭ᠎ᠡ ᠲᠠᠷᠬᠠᠭᠰᠠᠨ ᠪᠠᠶᠢᠵᠤ ᠪᠤᠯᠬᠤ ᠶᠤᠮ᠃

ᠮᠠᠯ  ᠢ ᠢᠮᠨᠡᠵᠤ ᠲᠠᠮᠠᠭᠠᠯᠠᠬᠤ ᠶᠤᠰᠤ ᠵᠢᠷᠤᠮ  ᠤᠨ ᠲᠠᠯ᠎ᠡ ᠪᠡᠷ ᠲᠤᠪᠴᠢ ᠳᠤᠷᠠᠳᠪᠠᠯ ᠪᠤᠭ ᠮᠠᠯ  ᠢ ᠢᠮᠨᠡᠬᠦ  ᠳᠤ ᠪᠡᠨ ᠨᠢᠭᠡ ᠨᠠᠰᠤ ᠬᠦᠷᠦᠭᠡ ᠦᠭᠡᠢ ( ᠨᠢᠭᠡ ᠡᠴᠡ ᠬᠤᠶᠠᠷ ᠰᠠᠷ᠎ᠡ  ᠶᠢᠨ ᠨᠠᠰᠤᠳᠠᠢ  ᠳᠤ ᠨᠢ ) ᠪᠠᠶᠢᠬᠤ  ᠳᠤ ᠨᠢ ᠢᠮᠨᠡᠨ᠎ᠡ᠃ ᠬᠠᠷᠢᠨ ᠪᠤᠭ ᠮᠠᠯ  ᠢ ᠨᠢᠭᠡ ᠨᠠᠰᠤᠳᠠᠢ ᠳᠤ ᠨᠢ ( ᠳᠠᠭ᠎ᠡ ᠂ ᠪᠢᠷᠠᠭᠤ ) ᠲᠠᠮᠠᠭᠠᠯᠠᠨ᠎ᠡ᠃ ᠮᠠᠯ ᠲᠠᠮᠠᠭᠠᠯᠠᠬᠤ ᠲᠠᠮᠠᠭ᠎ᠡ  ᠶᠢ ᠬᠠᠳᠠᠭ ᠬᠢᠪ  ᠶᠢᠡᠷ ᠤᠭᠤᠰᠤᠷᠯᠠᠨ ᠤᠷᠢᠶᠠᠵᠤ ᠨᠠᠨᠳᠢᠩᠨᠠᠨ ᠬᠠᠳᠠᠭᠠᠯᠠᠳᠠᠭ ᠠᠵᠡᠢ᠃ ᠲᠦᠯ  ᠢ ᠢᠮᠨᠡᠵᠤ ᠠᠪᠤᠭᠰᠠᠨ ᠴᠢᠬᠢᠨ  ᠤ ᠦᠭᠡᠳᠡᠰᠦ  ᠶᠢ ᠤᠳᠠᠰᠤ ᠪᠡᠷ ᠬᠤᠯᠪᠤᠨ ᠬᠠᠲᠠᠭᠠᠭᠠᠳ ᠬᠤᠵᠢᠮ ᠨᠡᠭᠦᠬᠦ ᠦᠶ᠎ᠡ  ᠳᠤ ᠲᠤᠮᠤᠬᠠᠨ ᠳᠠᠪᠠᠭᠠᠨ  ᠤ ᠤᠪᠤᠭ᠎ᠡ ᠲᠠᠬᠢᠯᠭᠠᠨ  ᠳᠤ ᠲᠠᠯᠪᠢᠬᠤ ᠪᠤᠶᠤ ᠦᠭᠬᠦ ᠵᠡᠷᠭᠡ ᠵᠠᠩᠰᠢᠯ ᠳᠠᠢ ᠪᠠᠢ᠋ᠵᠡᠢ᠃