 
ᠯ• 
2019-08-13

 

ᠮᠤᠩᠭᠤᠯ  ᠤᠨ ᠲᠠᠮᠠᠭ᠎ᠡ ᠳᠠᠷᠤᠬᠤ ᠂ ᠲᠠᠮᠠᠭᠠᠯᠠᠬᠤ ᠶᠤᠰᠤᠨ ᠭᠤᠷᠪᠠᠨ ᠦᠢᠯᠡ  ᠳᠤ ᠪᠤᠢ ᠪᠦᠯᠦᠭᠡ᠃

ᠨᠢᠭᠡ  ᠳᠤ ᠄  ᠲᠦᠷᠦ  ᠶᠢᠨ ᠲᠠᠮᠠᠭ᠎ᠡ ᠂ ᠬᠤᠶᠠᠷ  ᠲᠤ ᠄  ᠮᠠᠯ  ᠤᠨ ᠲᠠᠮᠠᠭ᠎ᠡ ᠂ ᠭᠤᠷᠪᠠ  ᠳᠤ ᠄ ᠡᠳ᠋  ᠤᠨ ᠲᠠᠮᠠᠭ᠎ᠡ ᠡᠳᠡᠭᠡᠷ ᠪᠤᠯᠠᠢ᠃ ᠲᠦᠷᠦ  ᠶᠢᠨ ᠲᠠᠮᠠᠭ᠎ᠡ  ᠶᠢᠨ ᠶᠤᠰᠤᠨ ᠪᠦᠷ ᠡᠷᠳᠡᠨ  ᠤ ᠤᠪᠤᠭ ᠠᠢᠢᠮᠠᠭ  ᠤᠨ ᠠᠢᠢᠯᠰᠠᠬᠤ ᠦᠶ᠎ᠡ  ᠡᠴᠡ ᠡᠬᠦᠰᠦᠯᠳᠡᠢ ᠪᠦᠭᠡᠳ ᠨᠡᠢᠢᠲᠡ  ᠶᠢᠨ ᠬᠢ ᠡᠴᠡ ᠤᠪᠤᠭ ᠲᠡᠭᠡᠭᠡᠳ ᠨᠢᠭᠡ ᠬᠦᠮᠦᠨ  ᠳᠤ ( ᠡᠵᠡᠨ ᠬᠠᠭᠠᠨ  ᠳᠤ  ) ᠰᠢᠯᠵᠢᠬᠦ ᠤᠷᠲᠤ ᠵᠠᠮ  ᠢ ᠲᠤᠭᠤᠯᠤᠭᠰᠠᠨ ᠲᠤᠬᠠᠢ  ᠳᠤ 《ᠲᠠᠮᠠᠭ᠎ᠡ 》ᠦᠬᠦᠯᠡᠯ  ᠳᠤ ᠲᠤᠪᠴᠢᠬᠠᠨ ᠳᠤᠷᠠᠳᠤᠭᠰᠠᠨ ᠶᠤᠮ᠃ ᠲᠦᠷᠦ  ᠶᠢᠨ ᠲᠠᠮᠠᠭᠠᠨ  ᠤ ᠶᠤᠰᠤᠨ ᠨᠠᠷᠢᠨ ᠪᠤᠯᠪᠠᠰᠤᠷᠠᠭᠰᠠᠨ ᠶᠡᠭᠡ ᠦᠢᠯᠡ ᠲᠤᠯᠠ ᠵᠢᠴᠢ ᠳᠡᠯᠭᠡᠷᠡᠩᠭᠦᠢ ᠦᠬᠦᠯᠡᠬᠦ ᠱᠠᠭᠠᠷᠳᠠᠯᠭ᠎ᠡ ᠲᠠᠢ ᠶᠤᠮ᠃ ᠬᠠᠷᠢᠨ ᠮᠠᠯ  ᠤᠨ ᠲᠠᠮᠠᠭᠠ  ᠤ ᠲᠤᠬᠠᠢ  ᠳᠤ ᠭᠡᠪᠡᠯ ᠮᠤᠩᠭᠤᠯᠴᠤᠳ  ᠤᠨ ᠠᠬᠤᠢ  ᠳᠤ ᠨᠡᠪᠲᠡᠷᠡᠭᠰᠡᠨ ᠮᠠᠰᠢ ᠡᠷᠳᠡᠨ  ᠤ ᠤᠯᠠᠮᠵᠢᠯᠠᠯᠲᠠᠢ ᠵᠠᠩ ᠦᠢᠯᠡ ᠶᠤᠮ᠃ ᠮᠠᠯᠴᠢᠨ ᠨᠡᠭᠦᠳᠡᠯᠴᠢᠨ ᠮᠤᠩᠭᠤᠯᠴᠤᠳ  ᠤᠨ ᠰᠤᠶᠤᠯ ᠢᠷᠭᠡᠨᠰᠢᠯ  ᠤᠨ ᠨᠢᠭᠡᠨ ᠤᠨᠴᠠᠭᠠᠢ ᠦᠵᠡᠭᠳᠡᠯ ᠨᠢ ᠮᠠᠯ ᠲᠠᠮᠠᠭᠠᠯᠠᠬᠤ ᠶᠤᠰᠤᠨ ᠪᠢᠯᠡ᠃ ᠮᠠᠯ  ᠤᠨ ᠢᠮ ᠲᠠᠮᠠᠭ᠎ᠡ ᠨᠢ ᠨᠡᠭᠦᠳᠡᠯᠴᠢᠨ  ᠤ ᠦᠭᠡᠷ᠎ᠡ ᠠᠢᠢᠮᠠᠭ ᠦᠨᠳᠦᠰᠦᠳᠡᠨ  ᠳᠤ ᠮᠤᠩᠭᠤᠯ  ᠤᠨ ᠬᠢ ᠰᠢᠭ ᠨᠠᠷᠢᠰᠴᠤ ᠬᠦᠨᠵᠡᠭᠡᠢᠢᠷᠡᠭᠰᠡᠨ ᠨᠢ ᠦᠭᠡᠢ ᠭᠡᠬᠦ  ᠳᠤ ᠪᠤᠯᠤᠨ᠎ᠡ᠃

ᠮᠤᠩᠭᠤᠯᠴᠤᠳ  ᠤᠨ ᠠᠭᠳᠠ ᠮᠤᠷᠢᠳ  ᠶᠢᠡᠨ ᠲᠠᠮᠠᠭᠠᠯᠠᠬᠤ᠂ ᠪᠤᠭ ᠮᠠᠯ  ᠶᠢᠡᠨ ᠢᠮᠨᠡᠵᠤ ᠲᠡᠮᠳᠡᠭᠯᠡᠬᠦ ᠪᠤᠯᠤᠭᠰᠠᠭᠠᠷ ᠤᠯᠠᠨ ᠵᠠᠭᠤᠨ ᠵᠢᠯ  ᠢ ᠦᠳᠡᠵᠡᠢ᠃ ᠠᠭᠲᠠ ᠮᠤᠷᠢᠳ  ᠤᠨ ᠲᠠᠮᠠᠭ᠎ᠡ ᠨᠢ ᠪᠠᠷᠤᠭ ᠯᠡ ᠤᠪᠤᠭ ᠪᠦᠷᠢ ᠶᠢᠨ ᠲᠤᠭ᠎ᠡ ᠪᠡᠷ ᠦᠭᠡᠷ᠎ᠡ ᠦᠭᠡᠷ᠎ᠡ ᠲᠦᠷᠰᠦ ᠭᠡᠯᠪᠡᠷᠢ ᠲᠠᠢ ᠪᠡᠷ ᠭᠡᠷᠡᠭᠯᠡᠭᠳᠡᠭᠰᠡᠭᠡᠷ ᠤᠨ ᠴᠠᠭ  ᠤᠨ ᠤᠷᠲᠤ  ᠳᠤ ᠤᠷᠬᠢᠭᠳᠠᠵᠤ ᠭᠡᠭᠡᠭᠳᠡᠭᠰᠡᠨ ᠦᠭᠡᠢ ᠪᠡᠷ ᠪᠠᠷᠠᠬᠤ ᠦᠭᠡᠢ ᠤᠯᠠᠮ ᠪᠠᠶᠠᠵᠢᠨ ᠤᠯᠠᠰᠢᠷᠠᠵᠤ ᠢᠷᠡᠵᠡᠢ᠃ ᠤᠳᠤ ᠪᠡᠷ ᠮᠤᠩᠭᠤᠯ  ᠤᠨ ᠠᠬᠳᠠ ᠮᠤᠷᠢᠳ  ᠤᠨ ᠲᠠᠮᠠᠭ᠎ᠡ ᠬᠠᠭᠠᠰ ᠮᠢᠩᠭ᠎ᠠ ᠪᠡᠷ ᠲᠤᠭᠠᠯᠠᠭᠳᠠᠬᠤ ᠤᠯᠠᠨ ᠳᠦᠷᠰᠦ ᠬᠤᠪᠢᠯᠪᠤᠷᠢ ᠲᠠᠢ ᠪᠤᠯᠤᠭᠠᠳ ᠪᠠᠢ᠋ᠨ᠎ᠡ᠃ ᠬᠠᠷᠢᠨ ᠪᠤᠭ ᠮᠠᠯ  ᠤᠨ ᠢᠮ ᠪᠤᠯ ᠲᠡᠬᠦᠨ ᠤ ᠪᠤᠯᠤᠮᠵᠢ ᠮᠠᠯ  ᠤᠨ ᠵᠦᠪᠭᠡᠨ ᠴᠢᠬᠢᠨ  ᠤ ᠭᠡᠮᠵᠢᠶ᠎ᠡ ᠪᠡᠷ ᠬᠢᠵᠠᠭᠠᠷᠯᠠᠭᠳᠠᠬᠤ ᠤᠴᠢᠷ ᠴᠦᠭᠡᠨ ᠬᠤᠪᠢᠯᠪᠤᠷᠢ ᠲᠠᠢ ᠶᠤᠮ᠃ ᠠᠳᠤᠭᠤ  ᠶᠢ ᠮᠤᠩᠭᠤᠯ ᠦᠨᠳᠦᠰᠦᠳᠡᠨ ᠰᠢᠭ ᠨᠠᠷᠢᠪᠴᠢᠯᠠᠨ ᠵᠢᠰᠦᠯᠡᠳᠡᠭ ᠦᠨᠳᠦᠰᠦᠳᠡᠨ ᠳᠡᠯᠡᠭᠡᠢ  ᠳᠤ ᠪᠠᠶᠢᠳᠠᠭ ᠦᠭᠡᠢ᠃ ᠮᠤᠩᠭᠤᠯᠴᠤᠳ ᠠᠳᠤᠭᠤ  ᠶᠢ ᠬᠤᠷᠢ ᠭᠠᠷᠤᠢ ᠦᠨᠳᠦᠰᠦᠨ᠂ ᠭᠤᠷᠪᠠᠨ ᠵᠠᠭᠤ ᠭᠠᠷᠤᠢ ᠡᠬᠦᠰᠦᠮᠡᠯ ᠵᠢᠰᠦ ᠪᠡᠷ ᠢᠯᠭᠠᠳᠠᠭ᠃ ᠲᠡᠭᠡᠪᠡᠯ ᠠᠳᠤᠭᠤᠨ  ᠤ ᠮᠤᠩᠭᠤᠯ ᠲᠠᠮᠠᠭ᠎ᠡ ᠲᠠᠪᠤᠨ ᠵᠠᠭᠤ ᠤᠷᠴᠢᠮ ᠬᠤᠪᠢᠯᠪᠤᠷᠢ ᠲᠠᠢ ᠪᠠᠢᠢᠭ᠎ᠡ ᠨᠢ ᠵᠢᠰᠦᠯᠡᠭᠡᠳ ᠪᠠᠷᠠᠬᠤ ᠦᠭᠡᠢ ᠲᠡᠷᠡ ᠬᠢᠵᠠᠭᠠᠷ  ᠢ ᠳᠠᠪᠠᠵᠤ ᠲᠠᠮᠠᠭᠠᠯᠠᠨ ᠲᠡᠮᠳᠡᠭᠯᠡᠬᠦ ᠡᠴᠡ ᠠᠷᠭ᠎ᠡ ᠦᠭᠡᠢ ᠂ ᠶᠤᠰᠤᠳᠠᠢ ᠦᠨᠦ ᠠᠳᠤᠭᠤ  ᠶᠢᠨ  ᠶᠢᠡᠨ ᠪᠦᠷᠢᠨ ᠡᠰᠡᠬᠦ  ᠶᠢ ᠪᠦᠬᠦᠯᠢ ᠪᠦᠲᠦᠨ ᠬᠦᠨᠳᠡᠢ ᠬᠤᠲᠤᠭᠤᠷ ᠲᠤ ᠭᠦᠭᠡᠭᠡᠨ ᠤᠷᠤᠭᠤᠯᠵᠤ ᠲᠡᠬᠦᠨ  ᠶᠢ ᠳᠦᠭᠦᠷᠭᠡᠵᠤ ᠪᠠᠢᠢᠪᠠᠯ ᠲᠤᠭ᠎ᠡ ᠲᠤᠯᠤᠭᠠᠢ ᠪᠦᠷᠢᠨ ᠠᠵᠡᠢ ᠭᠡᠵᠤ ᠢᠳᠡᠭᠡᠳᠡᠭ ᠭᠡᠮᠡᠭᠦ  ᠶᠢᠨ ᠦᠯᠢᠭᠡᠷ ᠪᠤᠯᠬᠤ ᠪᠤᠯᠠᠢ᠃

ᠮᠠᠯ ᠲᠠᠮᠠᠭᠠᠯᠠᠬᠤ ᠨᠢ ᠮᠤᠩᠭᠤᠯ  ᠤᠨ ᠮᠠᠯᠴᠢᠨ  ᠤ ᠶᠤᠰᠤ ᠲᠦᠷᠦ ᠲᠠᠢ ᠪᠡᠯᠭᠡ ᠳᠡᠮᠪᠡᠷᠢᠯ ᠲᠠᠢ ᠦᠢᠯᠡᠰ  ᠤᠨ ᠨᠢᠭᠡ ᠨᠢ ᠪᠤᠯᠤᠨ᠎ᠡ᠃ ᠠᠭᠳᠠ ᠮᠤᠷᠢᠳ ᠢ ᠵᠢᠯ ᠪᠦᠷᠢ  ᠶᠢᠨ ᠨᠠᠮᠤᠷ  ᠤᠨ ᠳᠤᠮᠳᠠ ᠰᠠᠷ᠎ᠡ  ᠶᠢᠨ ᠠᠷᠪᠠᠨ ᠳᠤᠯᠤᠭᠠᠨ  ᠤ ᠨᠠᠷᠠᠨ ᠦᠯᠵᠡᠢ ᠴᠤᠭᠲᠤ ᠡᠳᠦᠷ ᠭᠤᠤᠯᠴᠢᠯᠠᠨ ᠲᠠᠮᠠᠭᠠᠯᠠᠳᠠᠭ ᠪᠦᠭᠡᠳ ᠬᠠᠶᠠ ᠨᠠᠮᠤᠷ  ᠤᠨ ᠠᠳᠠᠭ ᠰᠠᠷ᠎ᠡ  ᠶᠢᠨ ᠰᠢᠨ᠎ᠡ  ᠶᠢᠨ ᠭᠤᠷᠪᠠᠨ  ᠳᠤ ᠠᠭᠳᠠ ᠪᠡᠨ ᠲᠠᠮᠠᠭᠠᠯᠠᠬᠤ ᠤᠳᠠᠭ᠎ᠡ ᠴᠤ ᠪᠤᠢ ᠠᠵᠡᠢ᠃ ᠬᠠᠷᠢᠨ ᠪᠤᠰᠤᠳ ᠡᠴᠡ ᠬᠤᠳᠠᠯᠳᠤᠨ ᠠᠪᠤᠭᠰᠠᠨ ᠶᠤᠮ ᠤᠤ ᠪᠡᠯᠡᠭ ᠪᠤᠰᠤᠳ ᠵᠤᠷᠢᠯᠳᠠ ᠪᠡᠷ ᠰᠦᠷᠦᠭ  ᠲᠤ ᠪᠡᠨ ᠨᠡᠢᠢᠯᠡᠭᠦᠯᠦᠭᠰᠡᠨ ᠤᠷᠢᠳᠤ ᠨᠢ ᠲᠠᠮᠠᠭ᠎ᠡ ᠲᠠᠢ ᠠᠭᠳᠠ ᠮᠤᠷᠢᠳ  ᠶᠢ ᠴᠠᠭ ᠬᠦᠯᠢᠶᠡᠬᠦ ᠦᠭᠡᠢ ᠪᠡᠷ ᠰᠢᠭᠤᠳ ᠲᠠᠮᠠᠭᠠᠯᠠᠴᠢᠬᠠᠳᠠᠭ ᠪᠠᠢ᠋ᠵᠠᠢ᠃ ᠨᠠᠮᠤᠷ  ᠤᠨ ᠳᠤᠮᠳᠠ ᠰᠠᠷ᠎ᠡ  ᠳᠤ ᠤᠨᠠᠭ᠎ᠡ ᠪᠤᠷᠤᠭᠤᠰᠢᠨ ᠲᠡᠪᠡᠭᠡᠷᠴᠤ ᠮᠤᠷᠢ ᠪᠤᠯᠬᠤ ᠰᠢᠨᠵᠢ ᠪᠡᠨ ᠭᠡᠳᠦᠢ ᠨᠢ ᠤᠯᠤᠭᠰᠠᠨ ᠦᠶ᠎ᠡ  ᠳᠤ ᠪᠠᠷᠠᠭᠤᠨ ᠲᠠᠰᠢᠶᠠᠨ  ᠳᠤ ᠨᠢ ᠰᠦᠷᠦᠭ  ᠤᠨ ᠡᠵᠡᠨ ᠤᠯᠠᠮᠵᠢᠯᠠᠯᠲᠤ ᠲᠠᠮᠠᠭ᠎ᠡ ᠪᠡᠨ ᠲᠠᠷᠤᠨ᠎ᠡ᠃ ᠬᠦᠭᠡ ᠠᠷᠭᠠᠯ  ᠤᠨ ᠴᠤᠭᠰᠢᠭᠰᠠᠨ ᠭᠠᠯ  ᠳᠤ ᠤᠯᠠᠢᠢᠯᠭᠠᠨ ᠪᠡᠯᠡᠳᠭᠡᠭᠰᠡᠨ ᠲᠠᠮᠠᠭ᠎ᠡ ᠪᠡᠨ ᠳᠠᠭᠠᠯᠭᠠᠵᠤ ᠳᠠᠷᠤᠬᠤ᠂ ᠱᠦᠷᠭᠦᠭᠡᠨ ᠳᠠᠷᠤᠬᠤ ᠬᠤᠶᠠᠷ  ᠤᠨ ᠠᠯᠢ ᠨᠢᠭᠡ ᠪᠡᠷ ᠨᠢ ᠨᠢᠭᠡ ᠪᠤᠯ ᠲᠠᠰᠢᠶᠠᠨ ᠳᠤ ᠨᠢ᠂ ᠨᠢᠭᠡ ᠪᠤᠯ ᠭᠡᠷ ᠭᠤᠶᠠᠨ  ᠳᠤ ᠨᠢ ᠨᠢᠭᠡ ᠪᠤᠯ ᠱᠠᠭᠠᠨᠳᠤ  ᠶᠢᠨ ᠪᠤᠯᠤᠤ  ᠶᠢᠨ ᠦᠵᠦᠭᠦᠷ ᠲᠤᠰᠢᠶ᠎ᠡ ᠳᠠᠷᠤᠨ᠎ᠡ᠃ ᠬᠠᠷᠢᠨ ᠮᠠᠨᠵᠤ  ᠶᠢᠨ ᠰᠦᠷᠦᠭ ᠲᠤ ᠲᠠᠲᠠᠪᠦᠷᠢᠯᠠᠭᠳᠠᠭᠰᠠᠨ ᠠᠭᠳᠠ  ᠶᠢ ᠵᠡᠬᠦᠨ ᠭᠤᠶ᠎ᠡ ᠳᠡᠭᠡᠷ᠎ᠡ ᠨᠢ ᠲᠠᠮᠠᠭᠠᠯᠠᠳᠠᠭ ᠪᠠᠢ᠋ᠵᠡᠢ᠃

ᠲᠠᠮᠠᠭ᠎ᠡ  ᠶᠢ ᠲᠤᠯᠤᠭᠠᠢ ᠲᠠᠯ᠎ᠡ ᠪᠡᠷ ᠨᠢ ᠭᠠᠵᠠᠷ ᠤᠷᠤᠭᠤ ᠴᠢᠭᠯᠡᠭᠦᠯᠦᠨ ᠲᠠᠯᠪᠢᠬᠤ ᠡᠰᠡᠪᠡᠯ ᠭᠠᠵᠠᠷ ᠳᠡᠭᠡᠷ᠎ᠡ ᠲᠠᠯᠪᠢᠬᠤ ᠴᠡᠭᠡᠷ ᠲᠠᠢ ᠪᠠᠢ᠋ᠨ᠎ᠡ᠃ ᠬᠠᠳᠠᠭ  ᠶᠢᠡᠷ ᠪᠠᠷᠢᠭᠤᠯ ᠡᠴᠡ ᠨᠢ ᠰᠡᠨᠵᠢᠯᠡᠨ ᠬᠠᠨ᠎ᠡ  ᠶᠢᠨ ᠲᠤᠯᠤᠭᠠᠢ  ᠳᠤ ᠡᠯᠬᠦᠬᠦ  ᠳᠤ ᠪᠡᠨ ᠬᠤᠢᠢᠮᠤᠷ  ᠤᠨ ᠭᠤᠤᠯ ᠠᠪᠳᠠᠷ᠎ᠡ  ᠶᠢᠨ ᠪᠠᠷᠠᠭᠤᠨ ᠲᠠᠯ᠎ᠡ  ᠶᠢᠨ ᠬᠦᠨᠳᠡᠢ ᠵᠠᠢ  ᠶᠢᠨ ᠤᠷᠤᠭᠤ ᠤᠨᠵᠢᠭᠤᠯᠤᠨ ᠲᠤᠯᠤᠭᠠᠢ  ᠶᠢ ᠳᠡᠭᠡᠷ᠎ᠡ ᠬᠠᠷᠠᠭᠤᠯᠤᠨ ᠵᠠᠬᠦᠨ᠎ᠡ᠃ ᠠᠳᠤᠭᠤ  ᠶᠢ ᠲᠠᠮᠠᠭᠠᠯᠠᠬᠤ  ᠳᠤ ᠨᠤᠲᠤᠭ  ᠤᠨ ᠨᠡᠷ᠎ᠡ ᠬᠦᠨᠳᠦᠳᠡᠢ ᠮᠠᠯ  ᠳᠤ ᠢᠪᠡᠭᠡᠯᠳᠡᠢ ᠬᠦᠮᠦᠨ  ᠶᠢᠡᠷ ᠬᠦᠢᠴᠡᠳᠭᠡᠬᠦ ᠪᠦᠭᠡᠳ ᠭᠠᠷ ᠬᠦᠩᠭᠡᠨ ᠬᠦᠮᠦᠨ ᠪᠠᠶᠢᠬᠤ ᠶᠤᠰᠤᠳᠠᠢ᠃ ᠭᠡᠷᠪᠡ ᠭᠠᠷ ᠬᠦᠨᠲᠤ ᠪᠤᠯ ᠲᠠᠮᠠᠭ᠎ᠡ  ᠶᠢ ᠭᠡᠳᠦᠷᠭᠡᠢ ᠬᠦᠨᠵᠡᠬᠡᠢ ᠶᠤᠮ ᠤᠤ ᠡᠰᠡᠪᠡᠯ ᠬᠠᠯᠲᠤ ᠳᠠᠷᠤᠭᠰᠠᠨ ᠡᠴᠡ ᠠᠳᠤᠭᠤᠨ  ᠤ ᠲᠠᠮᠠᠭ᠎ᠡ ᠪᠠᠭᠠᠯᠠᠵᠤ ᠮᠤᠷᠢ ᠵᠤᠪᠠᠳᠠᠭ ᠭᠡᠳᠡᠭ᠃ ᠮᠠᠯ  ᠶᠢᠡᠨ ᠶᠤᠰᠤ ᠲᠦᠷᠦ ᠲᠠᠢ ᠪᠡᠷ ᠲᠠᠮᠠᠭᠠᠯᠠᠵᠤ ᠳᠠᠭᠤᠰᠤᠭᠠᠳ ᠲᠠᠮᠠᠭ᠎ᠡ ᠪᠡᠨ ᠬᠤᠪᠢᠩ ᠲᠠᠢ ᠠᠶᠢᠷᠠᠭ  ᠲᠤ ᠡᠰᠡᠪᠡᠯ ᠰᠠᠭᠠᠮᠠᠯ  ᠳᠤ ᠲᠦᠷᠦᠵᠦ ᠬᠦᠷᠦᠭᠡᠨ᠎ᠡ᠃ ᠵᠠᠷᠢᠮ ᠭᠠᠵᠠᠷ ᠲᠤᠰᠬᠠᠢ ᠪᠡᠯᠡᠳᠭᠡᠭᠰᠡᠨ ᠰᠢᠷᠡᠭᠡ ᠴᠢᠯᠠᠭᠤᠨ ᠳᠡᠭᠡᠷ᠎ᠡ ᠴᠤ ᠵᠠᠯᠠᠳᠠᠭ ᠃ ᠲᠠᠮᠠᠭᠠᠨ  ᠤ ᠳᠡᠭᠡᠭᠦᠷ ᠨᠢ ᠠᠯᠬᠤᠬᠤ ᠂ ᠤᠰᠤᠨ  ᠳᠤ ᠲᠦᠷᠦᠬᠦ ᠵᠡᠷᠭᠡ ᠡᠴᠡ ᠴᠡᠭᠡᠷᠯᠡᠳᠡᠭ᠃

ᠤᠨᠠᠭ᠎ᠠ ᠪᠡᠨ ᠲᠠᠮᠠᠭᠠᠯᠠᠵᠤ ᠲᠠᠭᠤᠰᠬᠠᠭᠠᠳ ᠲᠠᠯᠪᠢᠯ  ᠤᠨ  ᠨᠠᠢ᠋ᠷ ᠬᠢᠬᠦ ᠪᠦᠭᠡᠳ ᠡᠬᠦᠨ  ᠤ ᠡᠮᠤᠨ᠎ᠡ ᠨᠢ ᠤᠨᠠᠭ᠎ᠡ ᠪᠡᠨ ᠨᠢᠭᠡ ᠨᠢᠭᠡ ᠬᠦᠮᠦᠨ ᠪᠠᠷᠢᠵᠤ ᠵᠤᠭᠰᠤᠭᠠᠳ ᠠᠳᠤᠭᠤ ᠪᠡᠨ ᠭᠡᠭᠦᠦ  ᠶᠢᠨ ᠵᠠᠯᠠᠨ ᠡᠴᠡ ᠬᠤᠯᠠᠳᠠᠭᠤᠯᠤᠨ ᠲᠠᠭᠤᠵᠤ ᠲᠤᠳᠤᠷᠬᠠᠢ ᠵᠠᠢ  ᠳᠤ ᠠᠯᠤᠰᠯᠠᠭᠤᠯᠤᠭᠠᠳ ᠬᠤᠢᠢᠨ᠎ᠡ ᠡᠴᠡ ᠨᠢ ᠤᠨᠠᠭ᠎ᠡ  ᠨᠤᠭᠤᠳ  ᠶᠢᠡᠨ ᠨᠢᠭᠡᠨ ᠵᠡᠷᠭᠡ ᠲᠠᠯᠪᠢᠵᠤ ᠤᠤᠬᠠᠢᠯᠠᠨ᠎ᠡ᠃ ᠬᠡᠨ  ᠤ ᠪᠠᠷᠢᠭᠰᠠᠨ ᠤᠨᠠᠭ᠎ᠡ ᠲᠦᠷᠦᠬᠦᠯᠡᠬᠦ ᠪᠤᠯ ᠭᠡᠵᠦ ᠶᠡᠭᠡᠳᠡ ᠪᠠᠶᠠᠰᠤᠨ ᠱᠤᠤᠬᠢᠯᠳᠤᠨ᠎ᠡ᠃ ᠤᠨᠠᠭ᠎ᠡ ᠨᠢ ᠲᠦᠷᠦᠭᠦᠯᠡᠭᠰᠡᠨ ᠬᠦᠮᠦᠨ ᠨᠠᠭᠠᠳᠤᠮ  ᠳᠤ ᠮᠤᠷᠢ ᠨᠢ ᠲᠦᠷᠦᠭᠦᠯᠡᠭᠰᠡᠨ ᠲᠠᠢ ᠠᠳᠠᠯᠢ ᠪᠡᠯᠭᠡᠰᠢᠶᠡᠵᠦ ᠪᠠᠶᠠᠷᠯᠠᠨ᠎ᠡ᠃ ᠲᠠᠮᠠᠭᠠᠯᠠᠬᠤ ᠶᠤᠰᠤᠨ ᠡᠶᠢᠮᠦ ᠪᠤᠶᠤ᠃