         
    ᠪ 
2019-07-24

 

ᠮᠠᠯ  ᠤᠨ ᠢᠮ ᠲᠠᠮᠠᠭᠠᠨ  ᠤ ᠲᠤᠬᠠᠢ᠂ ᠲᠡᠭᠦᠨ  ᠤ ᠭᠠᠷᠬᠤ ᠪᠤᠯᠤᠭᠰᠠᠨ ᠰᠢᠯᠳᠠᠭᠠᠨ ᠂ ᠦᠩᠭᠡᠷᠡᠭᠰᠡᠨ ᠪᠠ ᠤᠷᠴᠢᠨ ᠦᠶ᠎ᠡ  ᠶᠢᠨ ᠢᠮ ᠲᠠᠮᠠᠭ᠎ᠠ  ᠶᠢᠨ ᠤᠳᠬ᠎ᠡ ᠠᠭᠤᠯᠭ᠎ᠡ  ᠶᠢᠨ ᠢᠯᠭᠠᠭ᠎ᠡ  ᠶᠢ ᠲᠤᠪᠴᠢ ᠳᠤᠷᠠᠳᠤᠶ᠎ᠡ᠃ ᠮᠠᠯ  ᠢ ᠦᠪᠡᠷ ᠬᠤᠭᠤᠷᠤᠨᠳᠤ ᠨᠢ ᠢᠯᠭᠠᠨ ᠰᠠᠯᠭᠠᠵᠤ ᠲᠠᠨᠢᠬᠤ ᠤᠨᠴᠠᠭᠠᠢᠢᠯᠠᠭᠰᠠᠨ ᠲᠡᠮᠳᠡᠭ  ᠢ ᠢᠮ ᠲᠠᠮᠠᠭ᠎ᠡ ᠭᠡᠳᠡᠭ᠃ ᠢᠮ ᠲᠠᠮᠠᠭ᠎ᠡ ᠨᠢ ᠠᠩᠬᠢᠲᠤ ᠨᠡᠶᠢᠭᠡᠮ ᠡᠬᠦᠰᠴᠤ ᠬᠤᠪᠢ  ᠶᠢᠨ ᠦᠮᠴᠢ ᠪᠤᠢ ᠪᠤᠯᠤᠭᠰᠠᠨ ᠲᠠᠢ ᠬᠤᠯᠪᠤᠭ᠎ᠡ ᠲᠠᠢ᠃ ᠢᠮ ᠲᠠᠮᠠᠭ᠎ᠡ ᠭᠡᠷᠡᠭᠯᠡᠬᠦ ᠶᠠᠪᠤᠳᠠᠯ ᠢᠯᠠᠩᠭᠤᠶ᠎ᠡ ᠹᠧᠤᠳᠠᠯ  ᠤᠨ ᠨᠡᠶᠢᠭᠡᠮ  ᠤᠨ ᠦᠶ᠎ᠡ  ᠳᠤ ᠶᠡᠭᠡᠳᠡ ᠳᠡᠯᠭᠡᠷᠴᠡᠢ᠃ ᠠᠩᠬᠢᠲᠤ ᠨᠡᠶᠢᠭᠡᠮ  ᠤᠨ ᠬᠠᠷᠢᠴᠠᠭ᠎ᠡ ᠤᠰᠠᠳᠴᠤ ᠨᠡᠶᠢᠭᠡᠮ  ᠤᠨ ᠰᠤᠼᠢᠶᠠᠯᠢᠰᠲ ᠦᠮᠴᠢ ᠪᠤᠢ ᠪᠤᠯᠬᠤ  ᠶᠢᠨ ᠵᠡᠷᠭᠡᠴᠡᠭᠡ ᠪᠡᠷ ᠳᠡᠭᠡᠷ᠎ᠡ ᠦᠶ᠎ᠡ  ᠳᠤ ᠭᠡᠷᠡᠭᠯᠡᠵᠦ ᠪᠠᠶᠢᠭᠰᠠᠨ ᠢᠮ ᠲᠠᠮᠠᠭ᠎ᠡ ᠭᠡᠷᠡᠭᠴᠡᠭᠡ ᠪᠡᠨ ᠠᠯᠳᠠᠭᠰᠠᠭᠠᠷ ᠪᠠᠢ᠋ᠨ᠎ᠡ᠃ ᠲᠡᠬᠦᠨᠴᠢᠯᠡᠨ ᠢᠮ ᠲᠠᠮᠠᠭ᠎ᠡ  ᠶᠢᠨ ᠭᠡᠯᠪᠡᠷᠢ ᠦᠭᠡᠷᠡᠴᠢᠯᠡᠭᠳᠡᠨ ᠲᠡᠬᠦᠨ  ᠤ ᠤᠷᠤᠨ  ᠳᠤ ᠨᠤᠮᠸᠷ ᠭᠡᠷᠡᠭᠯᠡᠬᠦ ᠪᠤᠯᠵᠡᠢ᠃

ᠤᠳᠤ  ᠶᠢᠨ ᠲᠠᠮᠠᠭ᠎ᠡ᠂ ᠨᠤᠮᠸᠷ  ᠢ ᠳᠡᠭᠡᠷ᠎ᠡ ᠦᠶ᠎ᠡ  ᠶᠢᠨ ᠢᠮ ᠲᠠᠮᠠᠭ᠎ᠡ  ᠶᠢᠨ ᠨᠢᠭᠡᠨ ᠠᠳᠠᠯᠢ 《 ᠮᠢᠨᠤ ᠂ ᠴᠢᠨᠤ 》ᠭᠡᠬᠦ ᠦᠮᠴᠢᠯᠡᠭᠰᠡᠨ ᠭᠡᠯᠪᠡᠷᠢ ᠲᠠᠢ ᠤᠶᠠᠯᠳᠤᠭᠤᠯᠤᠨ ᠤᠢᠢᠯᠠᠭᠠᠵᠤ ᠪᠤᠯᠬᠤ ᠦᠭᠡᠢ ᠨᠢ ᠮᠡᠳᠡᠭᠡᠵᠢ ᠪᠢᠯᠡ᠃ ᠤᠳᠤ  ᠶᠢᠨ ᠤᠯᠤᠰ  ᠤᠨ ᠰᠠᠩ ᠠᠵᠤ ᠠᠬᠤᠢ  ᠶᠢᠨ ᠨᠢᠭᠡᠴᠡ ᠨᠦ᠋ᠭᠦᠳ ᠭᠡᠷᠡᠭᠯᠡᠵᠦ ᠪᠠᠢᠢᠭ᠎ᠡ ᠲᠠᠮᠠᠭ᠎ᠡ  ᠨᠤᠮᠸᠷ ᠪᠤᠯ ᠨᠡᠶᠢᠭᠡᠮ  ᠤᠨ ᠦᠮᠴᠢ  ᠶᠢ ᠬᠠᠢ᠋ᠷᠠᠯᠠᠨ ᠬᠠᠮᠠᠭᠠᠯᠠᠬᠤ ᠂ ᠲᠤᠭᠠᠴᠠᠭ᠎ᠡ ᠲᠤᠭ᠎ᠡ ᠪᠡᠯᠡᠳᠭᠡᠯ ᠳᠤ ᠲᠤᠰᠠ ᠲᠦᠭᠦᠮ ᠪᠤᠯᠬᠤ ᠠᠴᠢ ᠬᠤᠯᠪᠤᠭᠳᠠᠯ ᠲᠠᠢ ᠡᠴᠡ ᠭᠠᠳᠠᠨ᠎ᠡ ᠦᠭᠡᠷ᠎ᠡ ᠤᠳᠬ᠎ᠡ ᠠᠭᠤᠯᠭ᠎ᠡ ᠲᠠᠢ ᠶᠤᠮ᠃ ᠡᠬᠦᠨ  ᠳᠤ ᠤᠷᠴᠢᠨ ᠦᠶ᠎ᠡ  ᠳᠤ ᠮᠠᠯ  ᠢ ᠠᠩᠭᠢᠯᠠᠨ ᠢᠯᠭᠠᠬᠤ ᠂ ᠰᠠᠭᠤᠷᠢ ᠵᠤᠭᠢᠶᠠᠨ ᠪᠠᠶᠢᠭᠤᠯᠬᠤ ᠂ ᠦᠷᠡᠵᠢᠯ  ᠤᠨ ᠠᠵᠢᠯ  ᠢ ᠶᠠᠪᠤᠭᠤᠯᠬᠤ ᠂ ᠮᠠᠯ  ᠳᠤ ᠲᠦᠷᠦᠯ ᠪᠦᠷᠢ  ᠶᠢᠨ ᠡᠪᠡᠳᠴᠢᠨ  ᠤ ᠰᠢᠨᠵᠢᠯᠡᠭᠡ ᠂ ᠲᠠᠷᠢᠯᠭ᠎ᠡ ᠲᠤᠭᠤᠯᠭᠠᠯᠳᠠ ᠬᠢᠬᠦ ᠵᠡᠷᠭᠡ ᠵᠤ᠋ ᠮᠠᠯ ᠡᠮᠨᠡᠯᠭᠡ  ᠶᠢᠨ ᠰᠢᠨᠵᠢᠯᠡᠬᠦ ᠤᠬᠠᠭᠠᠨ  ᠤ ᠳᠡᠪᠰᠢᠯᠳᠡ  ᠳᠤ ᠠᠷᠭ᠎ᠡ ᠠᠵᠢᠯᠯᠠᠭ᠎ᠡ  ᠶᠢ  ᠮᠠᠯ ᠠᠵᠤ ᠠᠬᠤᠢ  ᠶᠢᠨ ᠦᠢᠯᠡᠳᠪᠦᠷᠢᠯᠡᠯ  ᠳᠤ ᠨᠡᠪᠲᠡᠷᠡᠭᠦᠯᠭᠦ  ᠳᠤ ᠲᠠᠮᠠᠭ᠎ᠡ ᠢᠯᠠᠩᠭᠤᠶ᠎ᠡ ᠨᠤᠮᠸᠷ ᠵᠠᠢᠢᠯᠠᠰᠢ ᠦᠭᠡᠢ ᠱᠠᠭᠠᠷᠳᠠᠯᠭ᠎ᠡ ᠲᠠᠢ ᠶᠤᠮ᠃

ᠤᠳᠤ ᠲᠠᠮᠠᠭ᠎ᠡ  ᠶᠢ ᠶᠡᠭᠡᠪᠴᠢᠯᠡᠨ ᠦᠰᠦᠭ  ᠶᠢᠡᠷ ᠬᠢᠳᠡᠭ ᠪᠤᠯᠤᠯ᠎ᠡ᠃ ᠵᠢᠱᠢᠶ᠎ᠡ ᠨᠢ ᠄ ᠨᠢᠭᠡᠳᠦᠯ  ᠤᠨ ᠭᠡᠪᠡᠯ 《H》ᠦᠰᠦᠭ  ᠶᠢᠡᠷ ᠰᠠᠩ  ᠤᠨ ᠠᠵᠤ ᠠᠬᠤᠢ ᠭᠡᠪᠡᠯ 《CAA》ᠪᠤᠶᠤ《CA》ᠭᠡᠰᠡᠨ ᠦᠰᠦᠭ  ᠶᠢᠡᠷ ᠲᠠᠮᠠᠭᠠᠯᠠᠵᠤ ᠪᠠᠢᠨ᠎ᠡ᠃ ᠮᠦᠨ ᠨᠢᠭᠡᠳᠦᠯ ᠦᠪᠡᠷ  ᠤᠨ ᠨᠡᠷ᠎ᠡ  ᠶᠢᠨ ᠦᠰᠦᠭ  ᠢ ᠤᠷᠤᠯᠴᠠᠭᠤᠯᠤᠨ᠂ ᠵᠢᠱᠢᠶ᠎ᠡ ᠨᠢ ᠄ ᠲᠤᠶᠠᠭ᠎ᠡ ᠨᠢᠭᠡᠳᠦᠯ  ᠤᠨ ᠠᠳᠤᠭᠤ ᠪᠤᠯ 《TH》ᠭᠡᠰᠡᠨ ᠦᠰᠦᠭ  ᠶᠢᠡᠷ ᠲᠠᠮᠠᠭᠠᠯᠠᠳᠠᠭ ᠪᠠᠢ᠋ᠨ᠎ᠡ᠃