  
ᠵ   
2019-08-19

ᠭᠡᠭᠦᠦ ᠶᠢᠨ ᠠᠷᠠᠴᠢᠯᠠᠭ᠎ᠠ ᠮᠠᠯᠯᠠᠭ᠎ᠠ ᠶᠢ ᠲᠣᠬᠢᠷᠠᠭᠤᠯᠵᠤ ᠂ ᠰᠠᠭᠠᠯᠢ ᠶᠢ ᠵᠥᠪ ᠵᠣᠬᠢᠶᠠᠨ ᠶᠠᠪᠤᠭᠤᠯᠬᠤ ᠨᠢ ᠰᠦᠨ ᠰᠢᠮ᠎ᠡ ᠶᠢ ᠨᠡᠮᠡᠭᠳᠡᠭᠦᠯᠬᠦ ᠴᠢᠬᠤᠯᠠ ᠠᠷᠭ᠎ᠠ ᠶᠤᠮ᠃ ᠰᠠᠭᠠᠯᠢ ᠶᠢᠨ ᠵᠣᠬᠢᠶᠠᠨ ᠪᠠᠢᠭᠤᠯᠤᠯᠲᠠ ᠶᠢ ᠵᠥᠪ ᠬᠢᠬᠦ ᠨᠢ ᠶᠡᠬᠡ ᠰᠦᠨ ᠰᠠᠭᠠᠬᠤ ᠂ ᠤᠨᠠᠭ᠎ᠠ ᠪᠦᠷᠢᠨ ᠪᠣᠢᠵᠢᠭᠤᠯᠬᠤ ᠪᠤᠢᠢᠵᠢᠭᠤᠯᠬᠤ ᠳᠤ ᠰᠢᠢᠳᠪᠦᠷᠢᠯᠡᠬᠦ ᠠᠴᠢ ᠬᠣᠯᠪᠣᠭᠳᠠᠯ ᠲᠠᠢ ᠶᠤᠮ᠃ ᠭᠡᠭᠦᠦ ᠶᠢᠨ ᠳᠡᠯᠡᠩ ᠨᠢ ᠪᠤᠰᠤᠳ ᠮᠠᠯ ᠢ ᠪᠣᠳᠣᠪᠠᠯ ᠵᠣᠬᠢᠶᠠᠨ ᠪᠠᠢᠭᠤᠯᠤᠯᠲᠠ ᠂ ᠦᠢᠯᠡ ᠠᠵᠢᠯᠯᠠᠭ᠎ᠠ ᠪᠠᠷ ᠢᠶᠠᠨ ᠨᠡᠯᠢᠶᠡᠳ ᠢᠯᠭᠠᠭ᠎ᠠ ᠲᠠᠢ᠂ ᠥᠭᠡᠷ᠎ᠡ ᠪᠡᠷ ᠬᠡᠯᠡᠪᠡᠯ ᠭᠥᠯᠴᠢᠭᠡᠷ ᠵᠥᠭᠡᠯᠡᠨ ᠠᠷᠠᠰᠤ ᠲᠠᠢ᠂ ᠵᠢᠵᠢᠭᠡᠪᠲᠦᠷ᠂ ᠪᠠᠷᠠᠭᠤᠨ ᠵᠡᠭᠦᠨ ᠬᠡᠰᠡᠭ ᠪᠠ ᠤᠷᠳᠤ ᠬᠤᠢᠢᠳᠦ ᠬᠡᠯᠡᠲᠡᠨ ᠡᠴᠡ ᠲᠣᠭᠲᠠᠭᠰᠠᠨ ᠬᠡᠯᠡᠲᠡᠨ ᠨᠤᠭᠦᠳ ᠨᠡᠯᠢᠶᠡᠳ ᠵᠢᠭᠳᠡ ᠪᠣᠯᠪᠠᠴᠤ ᠤᠷᠳᠤ ᠬᠡᠯᠡᠲᠡᠨ ᠢᠯᠡᠭᠦᠦ ᠬᠥᠭᠵᠢᠭᠰᠡᠨ ᠪᠠᠢᠢᠨ᠎ᠠ ᠃ ᠳᠡᠯᠡᠩ ᠦᠨ ᠪᠣᠷᠲᠣᠭᠣ ᠳᠤ ᠰᠦᠨ ᠪᠠᠭ᠎ᠠ ᠬᠤᠷᠠᠮᠲᠤᠯᠠᠭᠳᠠᠬᠤ ᠪᠤᠶᠤ ᠰᠦᠨ ᠦ ᠵᠥᠪᠬᠡᠨ 10 ᠬᠤᠪᠢ ᠨᠢ ᠪᠠᠢᠢᠨ᠎ᠠ ᠃ ᠰᠦᠨ ᠦ 90 ᠣᠷᠴᠢᠮ ᠬᠤᠪᠢ ᠨᠢ ᠳᠡᠯᠡᠩ ᠦᠨ ᠭᠦᠨ ᠳ᠋ᠠᠬᠢ ᠴᠤᠯᠴᠠᠩ ᠤᠳ ᠲᠤ ᠪᠠᠢᠢᠨ᠎ᠠ ᠃ ᠢᠢ᠌ᠮᠦ ᠡᠴᠡ ᠢᠪᠢᠯᠦᠭᠰᠡᠨ ᠳᠠᠷᠤᠢ ᠳᠤ ᠬᠡᠰᠡᠭ ᠵᠠᠭᠤᠷ᠎ᠠ ᠰᠦᠨ ᠨᠢ ᠰᠠᠭᠠᠭᠳᠠᠨ ᠲᠡᠷᠡ ᠳᠤᠤᠷᠠᠬᠠᠨ᠎ᠠ ᠲᠠᠲᠠᠷᠠᠭᠠᠳ ᠳᠠᠬᠢᠨ ᠰᠦᠨ ᠶᠡᠬᠡ ᠪᠡᠷ ᠰᠡᠷᠭᠦᠨ ᠭᠠᠷᠳᠠᠭ ᠣᠨᠴᠠᠯᠢᠭ ᠲᠠᠢ᠃ ᠹᠢᠽᠢᠣᠯᠣᠭᠢ ᠶᠢᠨ ᠡᠨᠡ ᠣᠨᠴᠠᠯᠢᠭ ᠢ ᠬᠠᠷᠠᠭᠠᠯᠵᠠᠨ ᠭᠡᠭᠦᠦ ᠶᠢ ᠨᠢᠭᠡᠨ ᠢᠪᠢᠯᠭᠡᠯᠲᠡ ᠪᠡᠷ ᠲᠦᠷᠭᠡᠨ ᠰᠠᠭᠠᠬᠤ ᠱᠠᠭᠠᠷᠳᠠᠯᠭ᠎ᠠ ᠭᠠᠷᠳᠠᠭ ᠶᠤᠮ᠃ ᠭᠡᠭᠦᠦ ᠶᠢᠨ ᠳᠡᠯᠡᠩ ᠳᠦ ᠪᠣᠭᠣᠨᠢ ᠬᠤᠭᠤᠴᠠᠭᠠᠨ ᠳᠤ ᠰᠦᠨ ᠬᠤᠷᠠᠮᠳᠤᠯᠠᠭᠳᠠᠳᠠᠭ ᠃ ᠢᠢ᠌ᠮᠦ ᠡᠴᠡ ᠭᠡᠭᠦᠦ ᠶᠢ ᠪᠣᠭᠣᠨᠢ ᠵᠠᠪᠰᠠᠷᠯᠠᠭ᠎ᠠ ᠲᠠᠢ ᠪᠠᠷ ᠣᠯᠠᠨ ᠰᠠᠭᠠᠬᠤ ᠳᠤ ᠨᠢᠭᠡ ᠤᠳᠠᠭ᠎ᠠ ᠶᠢᠨ ᠰᠠᠭᠠᠯᠢ ᠶᠢᠨ ᠬᠡᠮᠵᠢᠶ᠎ᠡ ᠪᠠᠭ᠎ᠠ ᠪᠣᠯᠪᠠᠴᠤ ᠡᠳᠦᠷ ᠲᠦ ᠠᠪᠬᠤ ᠨᠡᠢᠲᠡ ᠰᠠᠭᠠᠮ᠎ᠠ ᠶᠡᠬᠡᠰᠦᠨ᠎ᠡ᠃ ᠭᠡᠭᠦᠦ ᠶᠢ 2  ᠴᠠᠭ ᠲᠤᠲᠤᠮ ᠳᠤ ᠨᠢᠭᠡ ᠤᠳᠠᠭ᠎ᠠ ᠰᠠᠭᠠᠬᠤ ᠨᠢ ᠬᠡᠪ ᠦᠨ ᠬᠡᠮᠵᠢᠶ᠎ᠡ ᠶᠤᠮ᠃

ᠭᠡᠪᠡᠴᠦ ᠭᠡᠭᠦᠦ ᠶᠢ ᠰᠠᠭᠠᠬᠤ ᠬᠡᠮᠵᠢᠶ᠎ᠡ ᠶᠢ ᠲᠣᠭᠲᠠᠭᠠᠬᠤ ᠳ᠋ᠦ ᠪᠡᠨ ᠤᠨᠠᠭ᠎ᠠ ᠶᠢᠨ ᠥᠰᠥᠯᠲᠡ ᠲᠣᠷᠨᠢᠯᠲᠠ ᠲᠡᠵᠢᠭᠡᠯ ᠠᠷᠠᠴᠢᠯᠠᠭᠠᠨ ᠤ ᠪᠠᠢᠢᠳᠠᠯ ᠂ ᠪᠡᠯᠴᠢᠭᠡᠷ ᠦᠨ ᠤᠷᠭᠤᠴᠠ᠂ ᠴᠠᠭ ᠠᠭᠠᠷ ᠤᠨ ᠪᠠᠢᠢᠳᠠᠯ ᠂ ᠰᠠᠭᠠᠯᠢ ᠶᠢᠨ ᠲᠥᠯᠥᠪᠯᠡᠭᠡ ᠂ ᠠᠵᠢᠯᠯᠠᠬᠤ ᠬᠦᠴᠦ ᠲᠡᠢ ᠬᠣᠯᠪᠣᠨ ᠦᠵᠡᠬᠦ ᠨᠢ ᠵᠦᠢᠲᠡᠢ᠃

ᠶᠡᠷᠦᠳᠡ  ᠶᠢᠨ ᠪᠡᠯᠴᠢᠭᠡᠷ ᠦᠨ ᠨᠥᠬᠥᠴᠡᠯ ᠳᠦ ᠰᠠᠭᠠᠯᠢ ᠶᠢᠨ ᠭᠡᠭᠦᠦ ᠶᠢᠨ ᠤᠨᠠᠭ᠎ᠠ ᠨᠢᠯᠬ᠎ᠠ ᠪᠣᠯ ᠡᠳᠦᠷ ᠲᠦ 3-4 ᠤᠳᠠᠭ᠎ᠠ᠂ ᠪᠡᠯᠴᠢᠭᠡᠷ ᠦᠨ ᠤᠷᠭᠤᠴᠠ ᠰᠠᠢᠢᠨ᠂ ᠤᠨᠠᠭ᠎ᠠ ᠨᠡᠯᠢᠶᠡᠳ ᠮᠢᠬᠠᠯᠠᠵᠤ ᠲᠠᠷᠭᠤᠯᠠᠭᠰᠠᠨ ᠪᠣᠯ 5-6  ᠤᠳᠠᠭ᠎ᠠ ᠰᠠᠭᠠᠨ᠎ᠠ᠃ ᠪᠡᠯᠴᠢᠭᠡᠷ ᠦᠨ ᠰᠥᠯ ᠮᠠᠭᠤᠳᠠᠵᠤ ᠪᠠᠢᠢᠭ᠎ᠠ ᠦᠶ᠎ᠡ ᠳᠦ ᠭᠡᠭᠦᠦ ᠶᠢ 3-4 ᠤᠳᠠᠭ᠎ᠠ ᠰᠠᠭᠠᠪᠠᠯ ᠵᠣᠬᠢᠮᠵᠢᠲᠠᠢ᠃ ᠬᠠᠷᠢᠨ ᠭᠡᠭᠦᠦ ᠤᠨᠠᠭ᠎ᠠ ᠳᠤ ᠨᠡᠮᠡᠭᠳᠡᠯ ᠲᠡᠵᠢᠭᠡᠯ ᠥᠭᠳᠡᠭ ᠪᠣᠯ ᠡᠳᠦᠷ ᠲᠦ ᠰᠠᠭᠠᠬᠤ ᠲᠣᠭ᠎ᠠ ᠶᠢ 6-8 ᠢᠶᠡᠷ ᠲᠣᠭᠲᠠᠭᠠᠵᠤ ᠪᠣᠯᠣᠨ᠎ᠠ᠃ ᠭᠡᠭᠦᠦ ᠶᠢ ᠰᠠᠭᠠᠯᠢ ᠳᠦ ᠠᠩᠬ᠎ᠠ ᠰᠤᠷᠭᠠᠬᠤ ᠳᠤ ᠨᠣᠭᠲᠣᠯᠠᠨ᠂ ᠪᠣᠭᠣᠯᠴᠢᠯᠠᠬᠤ ᠪᠤᠶᠤ ᠴᠢᠳᠦᠷᠯᠡᠵᠦ ᠲᠤᠷᠰᠢᠯᠭᠠᠲᠠᠢ ᠰᠠᠭᠠᠯᠢᠴᠢᠨ ᠢᠶᠠᠷ ᠰᠠᠭᠠᠯᠭᠠᠪᠠᠯ ᠵᠣᠬᠢᠨ᠎ᠠ᠃ ᠳᠣᠭᠰᠢᠨ ᠭᠡᠭᠦᠦ ᠶᠢ ᠭᠤᠷᠤᠢᠯᠠᠨ ᠢᠯᠢᠬᠦ᠂ ᠰᠠᠭᠠᠬᠤ ᠶᠢᠨ ᠡᠮᠦᠨ᠎ᠡ ᠪᠤᠶᠤ ᠳᠠᠷᠠᠭ᠎ᠠ ᠨᠢ ᠲᠡᠵᠢᠭᠡᠯ ᠥᠭᠬᠦ ᠵᠡᠷᠭᠡ ᠪᠡᠷ ᠨᠣᠮᠣᠬᠠᠷᠠᠭᠤᠯᠤᠨ᠎ᠠ᠃ ᠰᠠᠭᠠᠯᠢ ᠶᠢᠨ ᠰᠦᠨ ᠢ ᠨᠠᠷᠢᠨ ᠳᠡᠰ  ᠳᠠᠷᠠᠭᠠᠯᠠᠯ ᠲᠠᠢ ᠰᠠᠭᠠᠵᠤ ᠳᠠᠰᠬᠠᠨ᠎ᠠ᠃ ᠰᠠᠭᠠᠯᠢ ᠳᠤ ᠭᠠᠷᠬᠤ ᠶᠢᠨ ᠡᠮᠦᠨ᠎ᠡ ᠰᠠᠭᠠᠯᠢᠴᠢᠳ ᠭᠠᠷ ᠢᠶᠠᠨ ᠰᠠᠢᠢᠨ ᠤᠬᠢᠶᠠᠵᠤ ᠬᠢᠮᠤᠰᠤ ᠪᠠᠨ ᠠᠪᠤᠭᠰᠠᠨ ᠪᠠᠢᠪᠠᠯ ᠵᠣᠬᠢᠨ᠎ᠠ᠃

ᠰᠠᠭᠠᠯᠢ ᠶᠢᠨ ᠦᠷᠭᠦᠯᠵᠢᠯᠡᠭᠰᠡᠨ ᠴᠠᠭ ᠤᠨ ᠬᠤᠪᠢᠶᠠᠷᠢ

ᠠᠵᠢᠯ ᠤᠨ ᠨᠡᠷ᠎ᠡ                             ᠡᠬᠢᠯᠡᠬᠦ ᠬᠤᠭᠤᠴᠠᠭ᠎ᠠ    ᠳᠠᠭᠤᠰᠬᠤ ᠬᠤᠭᠤᠴᠠᠭ᠎ᠠ

1᠃ ᠪᠡᠯᠴᠢᠭᠡᠷ ᠡᠴᠡ ᠤᠨᠠᠭ᠎ᠠ ᠲᠠᠢ ᠭᠡᠭᠦᠦ ᠶᠢ ᠬᠤᠷᠢᠶᠠᠬᠤ          6᠄00         6᠄30       

2᠃ ᠤᠨᠠᠭ᠎ᠠ ᠤᠶᠠᠬᠤ ᠤᠶᠠᠭᠠᠨ ᠤ ᠮᠣᠷᠢ ᠪᠠᠷᠢᠬᠤ     6᠄30       7᠄00               

3᠃ ᠨᠢᠭᠡᠳᠦᠭᠡᠷ ᠰᠠᠭᠠᠯᠲᠠ                             8᠄00          9᠄00

4᠃ ᠬᠣᠶᠠᠳᠤᠭᠠᠷ ᠰᠠᠭᠠᠯᠲᠠ                            11᠄00        12᠄00

5᠃ ᠭᠤᠷᠪᠠᠳᠤᠭᠠᠷ ᠰᠠᠭᠠᠯᠲᠠ                            14᠄00        15᠄00

6᠃ ᠳᠥᠷᠪᠡᠳᠦᠭᠡᠷ ᠰᠠᠭᠠᠯᠲᠠ                            17᠄00        18᠄00

7᠃ ᠲᠠᠪᠤᠳᠤᠭᠠᠷ ᠰᠠᠭᠠᠯᠲᠠ                            20᠄00        21᠄00

8᠃ ᠤᠨᠠᠭ᠎ᠠ ᠲᠠᠯᠪᠢᠵᠤ ᠪᠡᠯᠴᠢᠭᠡᠷ ᠲᠦ ᠭᠠᠷᠭᠠᠬᠤ                21᠄00      -