ᠲᠡᠷᠢᠭᠦᠨ ᠨᠢᠭᠤᠷ > ᠠᠳᠤᠭᠤ ᠮᠠᠯᠯᠠᠬᠤ ᠤᠬᠠᠭᠠᠨ > ᠠᠷᠠᠴᠢᠯᠠᠭ᠎ᠡ ᠮᠠᠯᠯᠠᠭ᠎ᠡ
 
ᠵ   
2019-08-19

 

ᠠᠳᠤᠭᠤ ᠶᠢ ᠡᠷᠴᠢᠮᠲᠡᠢ ᠥᠰᠬᠡᠬᠦ ᠨᠢᠭᠡ ᠭᠣᠣᠯ ᠠᠰᠠᠭᠤᠳᠠᠯ ᠨᠢ ᠤᠨᠠᠭ᠎ᠠ ᠶᠢ ᠪᠦᠷᠢᠨ ᠪᠤᠢᠢᠵᠢᠭᠤᠯᠬᠤ ᠶᠠᠪᠤᠳᠠᠯ ᠶᠤᠮ᠃ ᠰᠤᠮᠤ ᠪᠠᠷᠢᠭᠠᠳ ᠠᠴᠠ ᠬᠠᠪᠤᠷ ᠤᠨ ᠤᠯᠠᠷᠢᠯ ᠳᠤ ᠠᠳᠤᠭᠤᠨ ᠰᠦᠷᠦᠭ ᠦᠨ ᠣᠨ ᠳᠤ ᠣᠷᠣᠯᠲᠠ ᠬᠡᠭᠡᠯ ᠬᠠᠮᠠᠭᠠᠯᠠᠯᠲᠠ ᠶᠢᠨ ᠦᠵᠡᠯᠭᠡ ᠶᠠᠪᠤᠭᠤᠯᠵᠤ ᠰᠠᠭᠤᠷᠢ ᠮᠠᠯᠴᠢᠳ ᠲᠤ ᠤᠨᠠᠭ᠎ᠠ ᠪᠣᠢᠢᠵᠢᠭᠣᠯᠵᠦ ᠳᠠᠭᠠᠭᠠᠯᠭᠠᠪᠤᠷᠢ ᠥᠭᠭᠦᠨ᠎ᠡ᠃ ᠤᠨᠠᠭ᠎ᠠ ᠪᠣᠢᠵᠢᠭᠤᠯᠬᠤ ᠳᠤ ᠨᠥᠭᠡᠴᠡ ᠪᠡᠯᠴᠢᠭᠡᠷ᠂ ᠬᠠᠰᠢᠶ᠎ᠠ ᠰᠠᠷᠠᠪᠴᠢ ᠲᠡᠵᠢᠭᠡᠯ ᠤᠨᠠᠭ᠎ᠠ ᠶᠢᠨ ᠨᠡᠮᠨᠡᠭᠡ ᠵᠡᠷᠭᠡ ᠶᠢ ᠤᠷᠢᠳᠴᠢᠯᠠᠨ ᠪᠡᠯᠡᠳᠬᠡᠪᠡᠯ ᠵᠣᠬᠢᠨ᠎ᠠ᠃ ᠲᠡᠵᠢᠭᠡᠬᠦ ᠱᠠᠭᠠᠷᠳᠠᠯᠭᠠᠲᠠᠢ ᠭᠡᠭᠦᠦ ᠳᠦ ᠬᠣᠨᠣᠭ ᠲᠤ 8 ᠺᠢᠯᠣᠭ᠍ᠷᠠᠮ᠂ ᠬᠦᠴᠢᠲᠦ ᠲᠡᠵᠢᠭᠡᠯ 2-3 ᠺᠢᠯᠣᠭ᠍ᠷᠠᠮ ᠥᠭᠬᠦ ᠪᠡᠷ ᠲᠣᠭᠠᠴᠠᠭᠠᠯᠠᠨ  ᠪᠡᠯᠡᠳᠦᠨ᠎ᠡ᠃ ᠤᠨᠠᠭ᠎ᠠ ᠪᠣᠢᠵᠢᠭᠤᠯᠬᠤ ᠠᠵᠢᠯ ᠮᠠᠨ ᠤ ᠣᠷᠣᠨ ᠳᠤ ᠣᠯᠠᠨ ᠦᠶ᠎ᠡ ᠶᠢᠨ ᠲᠤᠷᠰᠢ ᠪᠡᠯᠴᠢᠭᠡᠷ ᠲᠦ ᠡᠬᠢᠯᠡᠭᠡᠳ ᠪᠣᠢᠵᠢᠭᠤᠯᠵᠤ ᠪᠠᠢᠭᠰᠠᠨ ᠪᠣᠯᠪᠠᠴᠤ ᠰᠡᠭᠦᠯ ᠦᠨ ᠦᠶ᠎ᠡ ᠳᠦ ᠵᠠᠷᠢᠮ ᠲᠡᠷᠢᠭᠦᠨ ᠦ ᠠᠳᠤᠭᠤᠴᠢᠳ ᠭᠡᠭᠦᠦ ᠶᠢ ᠬᠠᠰᠢᠶᠠᠨ ᠳᠤ ᠲᠥᠯᠯᠡᠭᠦᠯᠦᠨ ᠤᠨᠠᠭ᠎ᠠ ᠶᠢ ᠪᠦᠷᠢᠨ ᠪᠣᠢᠵᠢᠭᠤᠯᠵᠤ ᠦᠷ᠎ᠡ ᠳ᠋ᠦᠩ ᠳᠦ  ᠬᠦᠷᠴᠦ ᠪᠠᠢᠭ᠎ᠠ ᠶᠤᠮ᠃ ᠤᠨᠠᠭ᠎ᠠ ᠶᠢ ᠬᠦᠯᠢᠶᠡᠨ ᠠᠪᠬᠤ ᠳᠤ ᠡᠵᠡᠨ ᠦ ᠲᠤᠰᠠᠯᠠᠯᠴᠠᠭ᠎ᠠ ᠪᠠᠭ᠎ᠠ ᠱᠠᠭᠠᠷᠳᠠᠵᠤ ᠪᠠᠢᠭ᠎ᠠ ᠪᠣᠯᠪᠠᠴᠤ ᠭᠠᠷᠳᠠᠨ ᠪᠣᠢᠵᠢᠭᠤᠯᠬᠤ ᠱᠠᠭᠠᠷᠳᠠᠯᠭ᠎ᠠ ᠠᠶᠠᠨᠳᠠᠭᠠᠨ ᠭᠠᠷᠳᠠᠭ ᠶᠤᠮ᠃ ᠢᠯᠠᠩᠭᠤᠶ᠎ᠠ ᠪᠠᠢᠢᠳᠠᠰᠤᠨ ᠭᠡᠭᠦᠦ ᠶᠢ ᠵᠠᠪᠠᠯ ᠭᠠᠳᠠᠨ᠎ᠠ ᠪᠠᠨ ᠲᠥᠯᠯᠡᠭᠦᠯᠦᠨ ᠤᠨᠠᠭ᠎ᠠ ᠶᠢ ᠨᠢ ᠪᠣᠢᠵᠢᠭᠤᠯᠬᠤ ᠱᠠᠭᠠᠷᠳᠠᠯᠭ᠎ᠠ ᠲᠠᠢ ᠃ ᠭᠡᠭᠦᠦ ᠬᠡᠭᠡᠯᠲᠦᠭᠦᠯᠭᠡ ᠶᠢᠨ ᠵᠦᠷᠨᠠᠯ ᠢ ᠨᠠᠷᠢᠨ ᠰᠠᠢᠢᠨ ᠬᠥᠲᠥᠯᠵᠦ ᠰᠡᠭᠦᠯᠴᠢ ᠶᠢᠨ ᠤᠳᠠᠭ᠎ᠠ ᠠᠵᠢᠷᠭ᠎ᠠ ᠭᠢᠰᠬᠢᠵᠦ ᠬᠡᠭᠡᠯ ᠠᠪᠤᠭᠰᠠᠨ ᠠᠴᠠ  ᠬᠤᠢᠢᠰᠢ ᠳᠤᠮᠳᠠᠴᠢ ᠪᠠᠷ ᠬᠡᠭᠡᠯ ᠢᠶᠡᠨ 340  ᠬᠣᠨᠣᠭ ᠲᠡᠭᠡᠭᠡᠬᠦ ᠪᠣᠯᠪᠠᠴᠤ ᠴᠥᠭᠡᠨ ᠬᠣᠨᠣᠭ ᠤᠨ ᠬᠡᠯᠪᠡᠯᠵᠡᠯ ᠲᠡᠢ ᠤᠨᠠᠭᠠᠯᠠᠳᠠᠭ ᠃ ᠲᠥᠯᠯᠡᠬᠦ ᠳᠥᠬᠥᠭᠰᠡᠨ ᠭᠡᠭᠦᠦ ᠶᠢᠨ ᠬᠥᠬᠥ ᠶᠢᠨ ᠲᠣᠪᠴᠢ ᠨᠢ ᠲᠣᠮᠣᠷᠠᠵᠤ᠂  ᠳᠡᠯᠡᠩ ᠨᠢ ᠠᠷᠤ ᠪᠠᠷ ᠢᠶᠠᠨ ᠬᠠᠷᠠᠭᠳᠠᠬᠤ᠂ ᠣᠢᠢᠷ᠎ᠠ ᠣᠢᠢᠷᠠᠬᠠᠨ ᠰᠢᠭᠡᠵᠦ᠂ ᠬᠡᠪᠲᠡᠵᠦ ᠪᠣᠰᠬᠤ᠂ ᠭᠡᠳᠡᠰᠦ ᠪᠡᠨ ᠬᠠᠭᠠᠷᠢᠵᠤ ᠬᠠᠷᠠᠬᠤ᠂ ᠰᠦᠷᠦᠭ ᠢᠶᠡᠨ ᠵᠠᠬᠠᠳᠠᠨ ᠵᠣᠭᠰᠣᠬᠤ᠂ ᠪᠥᠭᠰᠡ ᠡᠴᠡ ᠨᠢ ᠰᠠᠯᠢᠰᠤ ᠭᠠᠷᠬᠤ ᠵᠡᠷᠭᠡ ᠰᠢᠨᠵᠢ ᠦᠵᠡᠭᠦᠯᠦᠨ᠎ᠡ᠃ ᠢᠢ᠌ᠮᠦ ᠳᠦ ᠬᠡᠭᠡᠯᠲᠦᠭᠦᠯᠭᠡ ᠶᠢᠨ ᠡᠳᠦᠷ ᠬᠤᠭᠤᠴᠠᠭ᠎ᠠ ᠂ ᠭᠠᠳᠠᠨᠠᠬᠢ ᠰᠢᠨᠵᠢ ᠲᠡᠮᠳᠡᠭ ᠢᠶᠡᠷ ᠨᠢ ᠦᠵᠡᠵᠦ ᠲᠥᠯᠯᠡᠬᠦ ᠳᠥᠬᠥᠭᠰᠡᠨ ᠭᠡᠭᠦᠦ ᠶᠢ ᠰᠦᠷᠦᠭ ᠡᠴᠡ ᠢᠯᠭᠠᠨ ᠭᠠᠳᠠᠨ᠎ᠠ ᠪᠠᠨ ᠲᠡᠵᠢᠭᠡᠵᠦ ᠮᠠᠯᠯᠠᠨ ᠲᠥᠯᠯᠡᠭᠦᠯᠦᠨ᠎ᠡ᠃ ᠭᠡᠭᠦᠦ᠂ ᠠᠳᠤᠭᠤ ᠵᠣᠭᠰᠣᠬᠤ ᠦᠶ᠎ᠡ  ᠪᠠᠷ ᠦᠳᠡᠰᠢ ᠶᠢᠨ  ᠪᠦᠷᠦᠩᠬᠡᠢ᠂ ᠦᠦᠷ ᠦᠨ ᠬᠠᠷᠠᠩᠭᠤᠢ ᠪᠠᠷ ᠶᠡᠬᠡᠪᠴᠢᠯᠡᠨ ᠤᠨᠠᠭᠠᠯᠠᠳᠠᠭ᠃

ᠭᠡᠭᠦᠦ ᠶᠢᠨ ᠬᠡᠪ ᠦᠨ ᠤᠨᠠᠭᠠᠯᠠᠯᠲᠠ 20-40  ᠮᠢᠨᠦ᠋ᠲ ᠲᠤ ᠪᠠᠭᠲᠠᠨ᠎ᠠ᠃ ᠡᠨᠡ ᠬᠤᠭᠤᠴᠠᠭᠠᠨ ᠳᠤ ᠤᠨᠠᠭᠠᠯᠠᠬᠤ ᠦᠭᠡᠢ ᠪᠣᠯ ᠬᠡᠪᠲᠡᠷᠢ ᠪᠠᠢᠢᠷᠢ ᠨᠥᠬᠥᠴᠡᠯ ᠢ ᠥᠭᠡᠷᠡᠴᠢᠯᠡᠨ ᠴᠠᠭ ᠣᠷᠴᠢᠮ ᠬᠠᠷᠠᠭᠠᠳ ᠲᠤᠷᠰᠢᠯᠭᠠᠲᠠᠢ ᠮᠠᠯᠴᠢᠨ᠂ ᠮᠡᠷᠭᠡᠵᠢᠯᠲᠡᠨ ᠦ ᠣᠷᠣᠯᠴᠠᠭ᠎ᠠ ᠲᠠᠢ ᠭᠠᠷᠳᠠᠨ ᠠᠪᠬᠤ᠂ ᠰᠠᠪᠠ ᠠᠭᠰᠢᠯᠲᠠ ᠶᠢ ᠰᠠᠢᠵᠢᠷᠠᠭᠤᠯᠬᠤ ᠦᠢᠯᠡᠴᠢᠯᠡᠭᠡ ᠲᠡᠢ ᠡᠮ ᠲᠠᠷᠢᠯᠭ᠎ᠠ ᠬᠡᠷᠡᠭᠯᠡᠨ᠎ᠡ᠃ ᠤᠨᠠᠭ᠎ᠠ ᠡᠬᠡ ᠡᠴᠡ ᠭᠠᠷᠬᠤ ᠳᠠᠭᠠᠨ ᠬᠠᠯᠢᠰᠤ ᠪᠠᠷ ᠬᠤᠴᠢᠭᠳᠠᠵᠤ ᠭᠠᠷᠳᠠᠭ ᠨᠢ ᠵᠠᠷᠢᠮ ᠳᠠᠭᠠᠨ ᠤᠨᠠᠭ᠎ᠠ ᠰᠠᠯᠢᠰᠤ ᠪᠠᠨ ᠵᠠᠯᠭᠢᠵᠤ ᠪᠦᠲᠡᠵᠦ  ᠦᠬᠦᠵᠦ ᠪᠣᠯᠣᠮᠵᠢ ᠲᠠᠢ ᠲᠤᠯᠠ ᠰᠠᠯᠢᠰᠤ ᠶᠢ ᠴᠡᠪᠡᠷᠯᠡᠨ ᠦᠰᠦ ᠶᠢ ᠬᠠᠲᠠᠭᠠᠭᠰᠠᠨ ᠤ ᠳᠠᠷᠠᠭ᠎ᠠ 40 ᠮᠢᠨᠦ᠋ᠲ ᠲᠤ ᠪᠠᠭᠲᠠᠭᠠᠵᠤ ᠬᠥᠬᠥ ᠶᠢᠨ ᠪᠥᠭᠯᠡᠭᠡ ᠶᠢ ᠭᠠᠷᠭᠠᠵᠤ᠂ ᠰᠦᠯᠢᠭ ᠪᠠᠢᠢᠳᠠᠯ ᠢ ᠰᠢᠯᠭᠠᠵᠤ ᠡᠬᠡ ᠶᠢᠨ ᠤᠭᠤᠷᠠᠭ ᠰᠦᠨ ᠢ ᠴᠠᠳᠲᠠᠯ᠎ᠠ ᠬᠥᠬᠥᠭᠦᠯᠦᠨ᠎ᠡ᠃ ᠨᠢᠯᠬ᠎ᠠ ᠤᠨᠠᠭ᠎ᠠ ᠶᠢ ᠲᠡᠩᠴᠡᠵᠦ ᠡᠬᠡ ᠶᠢᠨ ᠢᠶᠡᠨ ᠤᠭᠤᠷᠠᠭ ᠢ ᠬᠥᠬᠥᠭᠰᠡᠨ ᠦ ᠳᠠᠷᠠᠭ᠎ᠠ ᠠᠳᠤᠭᠤᠴᠢᠨ ᠬᠦᠮᠦᠨ  ᠤ ᠴᠢᠬᠤᠯᠠ ᠠᠩᠬᠠᠷᠬᠤ ᠵᠦᠢᠯ ᠪᠣᠯ ᠤᠨᠠᠭ᠎ᠠ ᠶᠢᠨ ᠠᠩᠬᠠᠨ ᠤ ᠵᠤᠩᠭᠠᠭ ᠵᠣᠬᠢᠬᠤ ᠬᠤᠭᠤᠴᠠᠭᠠᠨ ᠳᠠᠭᠠᠨ ᠪᠦᠷᠢᠨ ᠭᠠᠷᠤᠭᠰᠠᠨ ᠡᠰᠡᠬᠦ ᠶᠢ ᠰᠢᠯᠭᠠᠨ᠎ᠠ᠃ ᠤᠨᠠᠭ᠎ᠠ ᠶᠢᠨ ᠵᠤᠩᠭᠠᠭ ᠭᠠᠷᠬᠤ ᠦᠭᠡᠢ ᠪᠠᠢᠪᠠᠯ ᠪᠤᠷᠭᠤᠢ ᠲᠠᠯᠪᠢᠵᠤ ᠭᠠᠷᠭᠠᠨ᠎ᠠ᠃ ᠭᠡᠭᠦᠦ ᠶᠢ ᠤᠨᠠᠭᠠᠯᠠᠬᠤ ᠦᠶ᠎ᠡ ᠳᠦ ᠠᠳᠤᠭᠤ  ᠶᠢ ᠬᠠᠷᠢᠭᠤᠯᠤᠭ᠎ᠠ ᠮᠠᠨᠠᠭ᠎ᠠ ᠦᠭᠡᠢ ᠪᠠᠢᠯᠭᠠᠪᠠᠯ ᠭᠠᠷᠤᠭᠰᠠᠨ ᠤᠨᠠᠭ᠎ᠠ ᠪᠦᠲᠡᠬᠦ᠂ ᠰᠤᠯᠠ ᠳᠣᠷᠣᠢ ᠤᠨᠠᠭ᠎ᠠ ᠭᠠᠷᠴᠤ ᠡᠬᠡ ᠶᠢ ᠪᠡᠨ ᠬᠥᠬᠥᠵᠦ ᠴᠢᠳᠠᠬᠤ ᠦᠭᠡᠢ ᠪᠠᠢᠬᠤ᠂ ᠦᠷᠢᠶ᠎ᠡ ᠠᠵᠢᠷᠭ᠎ᠠ ᠤᠨᠠᠭ᠎ᠠ ᠶᠢ ᠪᠠᠷᠢᠬᠤ ᠪᠤᠶᠤ ᠬᠠᠶᠠᠭᠤᠯᠵᠤ ᠡᠬᠡ ᠶᠢ ᠨᠢ ᠬᠤᠷᠢᠶᠠᠵᠤ᠂ ᠬᠥᠭᠡᠭᠡᠵᠦ ᠶᠠᠪᠤᠬᠤ᠂ ᠭᠡᠭᠦᠦ ᠢᠵᠢᠯᠢ ᠶᠢᠨ ᠢᠶᠡᠨ ᠬᠤᠢᠢᠨ᠎ᠠ ᠠᠴᠠ ᠤᠨᠠᠭ᠎ᠠ ᠬᠠᠶᠠᠵᠤ ᠶᠠᠪᠤᠬᠤ᠂ ᠪᠠᠢᠢᠳᠠᠰᠤᠨ ᠭᠡᠭᠦᠦ ᠤᠨᠠᠭ᠎ᠠ ᠭᠣᠯᠣᠬᠤ᠂ ᠬᠥᠬᠥᠭᠦᠯᠬᠦ ᠦᠭᠡᠢ ᠪᠠᠢᠢᠬᠤ ᠵᠡᠷᠭᠡ ᠣᠰᠣᠯ ᠭᠠᠷᠳᠠᠭ ᠢ ᠣᠨᠴᠣᠭᠤᠢᠯᠠᠨ ᠠᠩᠬᠠᠷᠴᠤ ᠪᠠᠢᠢᠩᠭᠤ ᠶᠢᠨ ᠬᠠᠷᠢᠭᠤᠯᠤᠯᠤᠭ᠎ᠠ ᠮᠠᠯᠯᠠᠭ᠎ᠠ ᠲᠠᠢ ᠪᠠᠢᠯᠭᠠᠪᠠᠯ ᠵᠣᠬᠢᠨ᠎ᠠ᠃ ᠬᠠᠪᠤᠷ ᠤᠨ ᠤᠯᠠᠷᠢᠯ ᠳᠤ ᠭᠡᠨᠡᠳᠲᠡ ᠶᠢᠨ ᠰᠢᠭᠤᠷᠭ᠎ᠠ ᠴᠠᠰᠤᠨ ᠢᠶᠠᠷ ᠠᠳᠤᠭᠤ ᠤᠷᠤᠭᠤᠳᠠᠵᠤ ᠨᠢᠯᠬ᠎ᠠ ᠤᠨᠠᠭ᠎ᠠ ᠡᠬᠡ ᠡᠴᠡ ᠪᠡᠨ ᠲᠥᠭᠡᠷᠢᠯᠳᠦᠬᠦ᠂ ᠣᠰᠣᠭᠣᠬᠤ ᠵᠡᠷᠭᠡ ᠪᠡᠷ ᠣᠯᠠᠨ ᠤᠨᠠᠭ᠎ᠠ ᠣᠰᠣᠯᠳᠠᠳᠠᠭ ᠶᠠᠪᠤᠳᠠᠯ ᠢ ᠵᠣᠭᠰᠣᠭᠠᠬᠤ ᠭᠣᠣᠯ ᠠᠷᠭ᠎ᠠ ᠨᠢ ᠪᠣᠢᠵᠢᠭᠤᠯᠬᠤ᠂ ᠤᠨᠠᠭ᠎ᠠ ᠪᠠᠨ ᠨᠡᠮᠨᠡᠵᠦ ᠠᠳᠤᠭᠤ ᠶᠢ ᠤᠷᠤᠭᠤᠳᠠᠭᠤᠯᠬᠤ ᠦᠭᠡᠢ ᠪᠠᠢᠢᠬᠤ ᠶᠠᠪᠤᠳᠠᠯ ᠶᠤᠮ᠃ ᠠᠳᠤᠭᠤ ᠡᠳᠦᠷᠵᠢᠨ ᠰᠥᠨᠢᠵᠢᠨ ᠢᠳᠡᠰᠢᠯᠡᠬᠦ ᠪᠣᠯᠪᠠᠴᠤ ᠮᠠᠯᠯᠠᠭ᠎ᠠ ᠨᠢ ᠲᠣᠬᠢᠷᠠᠵᠤ ᠪᠠᠢᠢᠪᠠᠯ ᠦᠳᠡᠰᠢ ᠶᠢᠨ ᠪᠦᠷᠦᠩᠬᠦᠢ᠂ ᠦᠦᠷ ᠦᠨ ᠬᠠᠷᠠᠩᠭᠤᠢ ᠦᠳᠡ ᠬᠡᠯᠪᠡᠢᠢᠬᠦ ᠦᠶ᠎ᠡ ᠳᠦ ᠵᠣᠭᠰᠣᠵᠤ ᠠᠮᠠᠷᠠᠨ ᠲᠡᠵᠢᠭᠡᠯ ᠢᠶᠡᠨ ᠰᠢᠩᠭᠡᠭᠡᠳᠡᠭ᠃ ᠡᠨᠡ ᠦᠶ᠎ᠡ ᠳᠦ ᠤᠨᠠᠭ᠎ᠠ ᠠᠳᠤᠭᠤᠨ ᠤ ᠨᠥᠮᠥᠷᠢ  ᠢᠯᠴᠢ ᠳᠦ ᠵᠣᠭᠰᠣᠵᠤ ᠳᠤᠯᠠᠭᠠᠴᠠᠨ᠎ᠠ᠃ ᠡᠬᠡ ᠨᠢ ᠵᠢᠯᠪᠢ ᠮᠠᠭᠤᠲᠠᠢ ᠪᠠ ᠰᠤᠯᠠ ᠳᠣᠷᠣᠢ ᠤᠨᠠᠭ᠎ᠠ ᠳᠤ ᠨᠡᠮᠡᠭᠳᠡᠯ ᠲᠡᠵᠢᠭᠡᠯ᠂ ᠡᠯᠡᠰᠦᠨ ᠰᠢᠬᠢᠷ ᠲᠡᠢ ᠪᠤᠴᠠᠯᠭᠠᠭᠰᠠᠨ ᠤᠰᠤ ᠪᠠᠷ 20-30 ᠬᠤᠪᠢ ᠰᠢᠩᠭᠡᠯᠡᠭᠰᠡᠨ ᠰᠦᠨ ᠢ ᠡᠬᠢᠨ ᠦ ᠨᠢᠭᠡ ᠰᠠᠷ᠎ᠠ ᠳᠦ ᠡᠳᠦᠷ ᠲᠦ 2-3 ᠯᠢᠲᠷ ᠢᠶᠡᠷ᠂ ᠬᠣᠶᠠᠳᠠᠬᠢ ᠰᠠᠷ᠎ᠠ ᠠᠴᠠ 3-4 ᠯᠢᠲᠷ ᠢᠶᠡᠷ ᠪᠠᠭᠰᠤᠷᠤᠮᠠᠯ ᠪᠠ ᠬᠦᠴᠢᠲᠦ ᠲᠡᠵᠢᠭᠡᠯ ᠢ ᠴᠢᠭᠢᠭᠯᠡᠨ ᠳᠡᠪᠲᠦᠭᠡᠵᠦ᠂ ᠰᠠᠢᠢᠨ ᠴᠢᠨᠠᠷ ᠤᠨ ᠡᠪᠡᠰᠦ ᠲᠡᠢ ᠬᠣᠯᠢᠵᠤ 0.5-1.0 ᠺᠢᠯᠣᠭ᠍ᠷᠠᠮ ᠢᠶᠠᠷ ᠪᠣᠳᠣᠵᠤ ᠬᠣᠨᠣᠭ ᠲᠤ 3 ᠬᠤᠪᠢᠶᠠᠵᠤ ᠥᠭᠴᠦ ᠲᠡᠵᠢᠭᠡᠨ᠎ᠡ᠃

ᠲᠡᠵᠢᠭᠡᠭᠳᠡᠬᠦ ᠱᠠᠭᠠᠷᠳᠠᠯᠭ᠎ᠠ ᠲᠠᠢ ᠤᠨᠠᠭ᠎ᠠ ᠶᠢᠨ ᠡᠬᠡ ᠶᠢᠨ ᠨᠢ ᠲᠡᠵᠢᠭᠡᠯᠯᠢᠭ ᠠᠷᠠᠴᠢᠯᠠᠭ᠎ᠠ ᠶᠢ ᠰᠠᠢᠢᠵᠢᠷᠠᠭᠤᠯᠵᠤ᠂ ᠰᠦᠨ ᠰᠢᠮ᠎ᠡ ᠶᠢ ᠨᠢ ᠨᠡᠮᠡᠭᠳᠡᠭᠦᠯᠬᠦ᠂ ᠬᠤᠰᠠᠷᠠᠩ ᠪᠠ ᠤᠨᠠᠭᠠᠯᠠᠭᠰᠠᠨ ᠭᠡᠭᠦᠦ ᠳᠦ ᠲᠡᠯᠯᠡᠵᠦ ᠵᠠᠢᠢᠳᠠᠭᠤᠯᠵᠤ ᠪᠤᠢᠢᠵᠢᠭᠤᠯᠬᠤ ᠨᠢ ᠳᠠᠩ ᠨᠡᠮᠡᠭᠳᠡᠯ ᠲᠡᠵᠢᠭᠡᠯ ᠥᠭᠬᠦ ᠡᠴᠡ ᠢᠯᠡᠭᠦᠦ ᠠᠰᠢᠭᠲᠠᠢ᠃ ᠤᠨᠠᠭ᠎ᠠ ᠶᠢᠨ ᠬᠥᠬᠥᠭᠦᠯ ᠦᠶ᠎ᠡ 7-8 ᠰᠠᠷ᠎ᠠ ᠣᠷᠴᠢᠮ ᠦᠷᠭᠦᠯᠵᠢᠯᠡᠬᠦ ᠪᠣᠯᠪᠠᠴᠤ ᠰᠠᠷ᠎ᠠ ᠶᠢᠨ ᠥᠰᠥᠯᠲᠡ ᠲᠡᠢ ᠦᠶ᠎ᠡ ᠡᠴᠡ ᠡᠪᠡᠰᠦᠨ ᠲᠡᠵᠢᠭᠡᠯ ᠳᠦ ᠣᠷᠣᠵᠤ ᠤᠯᠠᠮ ᠢᠶᠠᠷ ᠣᠨ ᠤ ᠡᠴᠦᠰ ᠢᠶᠡᠷ ᠳᠠᠩ ᠡᠪᠡᠰᠦᠨ ᠲᠡᠵᠢᠭᠡᠯ ᠢᠶᠡᠷ  ᠬᠣᠭᠣᠯᠠᠯᠠᠳᠠᠭ᠃ ᠤᠨᠠᠭ᠎ᠠ ᠲᠠᠢ ᠭᠡᠭᠦᠦ ᠶᠢ ᠣᠢᠷ᠎ᠠ ᠶᠢᠨ ᠡᠯᠪᠡᠭ ᠤᠰᠤᠲᠠᠢ ᠰᠠᠢᠨ ᠪᠡᠯᠴᠢᠭᠡᠷ ᠲᠦ ᠮᠠᠯᠯᠠᠵᠤ ᠤᠨᠠᠭ᠎ᠠ ᠶᠢ ᠡᠪᠡᠰᠦ ᠤᠰᠤᠨ ᠳᠤ ᠣᠷᠣᠭᠤᠯᠤᠨ᠎ᠠ᠃ ᠶᠡᠷᠦᠳᠡ ᠶᠢᠨ ᠥᠰᠥᠯᠲᠡ ᠲᠡᠢ ᠤᠨᠠᠭ᠎ᠠ ᠠᠩᠬ᠎ᠠ 28 ᠺᠢᠯᠣᠭ᠍ᠷᠠᠮ  ᠠᠮᠢᠳᠤ ᠶᠢᠨ ᠵᠢᠩ ᠲᠡᠢ ᠲᠥᠷᠥᠵᠦ ᠬᠣᠨᠣᠭ ᠲᠤ 0.6-0.8 ᠺᠢᠯᠣᠭ᠍ᠷᠠᠮ ᠢᠶᠠᠷ ᠨᠡᠮᠡᠭᠳᠡᠵᠦ 6  ᠰᠠᠷ᠎ᠠ ᠶᠢᠨ ᠳᠠᠷᠠᠭ᠎ᠠ ᠡᠬᠡ ᠶᠢᠨ ᠢᠶᠡᠨ ᠠᠮᠢᠳᠤ ᠶᠢᠨ ᠵᠢᠩ ᠦᠨ 50 ᠬᠤᠪᠢ ᠲᠠᠢ ᠲᠡᠩᠴᠡᠳᠡᠭ᠃ ᠭᠡᠭᠦᠦ ᠲᠡᠩᠬᠡᠷᠡᠵᠦ ᠲᠠᠷᠭᠤ ᠬᠦᠴᠦ ᠨᠢ ᠵᠢᠭᠳᠡᠷᠡᠨ ᠤᠨᠠᠭ᠎ᠠ ᠡᠬᠡ ᠶᠢᠨ ᠢᠶᠡᠨ ᠰᠦᠨ ᠳᠦ ᠮᠢᠬᠠᠯᠠᠨ ᠪᠤᠢᠢᠵᠢᠵᠦ ᠡᠬᠢᠯᠡᠬᠦ ᠵᠤᠨ ᠤ ᠡᠬᠢᠨ ᠰᠠᠷ᠎ᠠ ᠶᠢᠨ 15 ᠦ  ᠦᠶ᠎ᠡ ᠡᠴᠡ ᠭᠡᠭᠦᠦ ᠪᠦᠷᠢ ᠶᠢ ᠨᠣᠮᠣᠬᠠᠷᠠᠭᠤᠯᠤᠨ ᠰᠠᠭᠠᠯᠢ ᠳᠤ ᠰᠤᠷᠭᠠᠬᠤ᠂ ᠲᠠᠷᠭᠤ ᠬᠦᠴᠦ ᠶᠢ ᠴᠢᠮᠪᠠᠢᠢᠷᠠᠭᠤᠯᠬᠤ ᠶᠢᠨ ᠲᠤᠯᠠᠳᠠ ᠪᠦᠬᠦ ᠤᠨᠠᠭ᠎ᠠ ᠲᠠᠢ ᠭᠡᠭᠦᠦ ᠶᠢ 10 ᠬᠣᠨᠣᠭ ᠢᠶᠠᠷ ᠠᠵᠢᠷᠭ᠎ᠠ ᠠᠵᠢᠷᠭ᠎ᠠ ᠪᠠᠷ ᠡᠭᠡᠯᠵᠢᠯᠡᠨ ᠨᠠᠮᠤᠷ ᠨᠣᠭᠣᠭ᠎ᠠ ᠰᠥᠯ ᠲᠠᠲᠠᠷᠠᠵᠤ ᠢᠷᠡᠬᠦ ᠦᠶ᠎ᠡ ᠬᠦᠷᠲᠡᠯ᠎ᠡ ᠪᠠᠷᠢᠵᠤ ᠰᠢᠷᠠᠯᠠᠭᠤᠯᠬᠤ ᠨᠢ ᠠᠰᠢᠭᠲᠠᠢ ᠭᠡᠳᠡᠭ ᠶᠤᠮ᠃ ᠭᠡᠭᠦᠦ ᠶᠢᠨ ᠪᠡᠯᠴᠢᠭᠡᠷ ᠵᠥᠭᠡᠯᠡᠨ ᠬᠥᠷᠥᠰᠦ ᠲᠡᠢ ᠬᠠᠮᠤᠭ ᠤᠨ ᠣᠢᠷ᠎ᠠ᠂ ᠨᠢᠯᠬ᠎ᠠ ᠥᠳᠬᠡᠨ ᠨᠣᠭᠣᠭ᠎ᠠ ᠲᠠᠢ ᠪᠠᠢᠬᠤ ᠶᠢᠨ ᠭᠠᠳᠠᠨ᠎ᠠ ᠭᠡᠭᠦᠦ ᠶᠢᠨ ᠵᠡᠯ᠎ᠡ ᠶᠢ ᠵᠦᠯᠭᠡ ᠳᠡᠨᠵᠢ ᠰᠢᠷᠢᠭᠢ ᠪᠦᠬᠦᠢ ᠭᠠᠵᠠᠷ ᠢ ᠰᠣᠩᠭᠣᠵᠤ ᠨᠠᠷᠠᠨ ᠤ ᠡᠰᠡᠷᠭᠦ ᠬᠤᠢᠢᠰᠢ ᠤᠷᠤᠭᠰᠢ ᠲᠠᠲᠠᠵᠤ ᠳᠣᠯᠣᠭ᠎ᠠ  ᠬᠣᠨᠣᠭ ᠲᠤᠲᠤᠮ ᠤᠨᠠᠭ᠎ᠠ ᠶᠢᠨ ᠵᠡᠯ᠎ᠡ ᠶᠢ ᠰᠣᠯᠢᠵᠤ ᠪᠠᠢᠳᠠᠭ᠃ ᠭᠡᠭᠦᠦ ᠪᠠᠷᠢᠬᠤ ᠦᠶ᠎ᠡ ᠳᠦ ᠤᠨᠠᠭ᠎ᠠ ᠶᠢ ᠨᠠᠷᠠᠰᠢᠬᠤ ᠠᠴᠠ ᠬᠠᠮᠠᠭᠠᠯᠠᠵᠤ ᠡᠳᠦᠷ ᠦᠨ ᠬᠠᠯᠠᠭᠤᠨ ᠳᠤ ᠨᠢᠭᠡ ᠡᠴᠡ ᠳᠣᠷᠣᠭᠰᠢ ᠦᠭᠡᠢ ᠤᠳᠠᠭ᠎ᠠ ᠲᠣᠯᠣᠭᠠᠢ ᠨᠢᠷᠤᠭᠤ ᠶᠢ ᠤᠰᠤ ᠪᠠᠷ ᠱᠠᠪᠰᠢᠵᠤ᠂ ᠤᠢᠢᠷ᠎ᠠ ᠤᠢᠢᠷᠠᠬᠠᠨ ᠡᠬᠡ ᠳᠦ ᠨᠢ ᠬᠥᠬᠥᠭᠦᠯᠦᠨ᠎ᠡ᠃ ᠵᠤᠨ ᠤ ᠬᠠᠯᠠᠭᠤᠨ ᠳᠦ ᠨᠢᠯᠬ᠎ᠠ ᠤᠨᠠᠭ᠎ᠠ ᠪᠡᠯᠴᠢᠭᠡᠷ ᠲᠦ ᠤᠨᠲᠠᠵᠤ ᠬᠣᠴᠣᠷᠬᠤ᠂ ᠠᠳᠤᠭᠤ ᠶᠢ ᠭᠡᠨᠡᠳᠲᠡ ᠰᠢᠷᠦᠭᠦᠨ ᠲᠠᠭᠤᠭᠰᠠᠨ ᠠᠴᠠ ᠳᠠᠭᠠᠷᠢᠭᠳᠠᠨ ᠭᠢᠰᠬᠢᠭᠦᠯᠬᠦ ᠵᠡᠷᠭᠡ ᠪᠡᠷ ᠪᠡᠷᠲᠡᠵᠦ ᠭᠡᠮᠲᠦᠵᠦ ᠡᠬᠡ ᠡᠴᠡ ᠪᠡᠨ ᠲᠥᠭᠡᠷᠢᠯᠳᠥᠬᠦ ᠶᠠᠪᠤᠳᠠᠯ ᠭᠠᠷᠳᠠᠭ ᠢ ᠠᠩᠬᠠᠷᠪᠠᠯ ᠵᠣᠬᠢᠨ᠎ᠠ᠃ ᠤᠨᠠᠭ᠎ᠠ ᠶᠢ ᠪᠤᠰᠤᠳ ᠮᠠᠯ ᠤᠨ ᠲᠥᠯ ᠲᠡᠢ ᠠᠳᠠᠯᠢ ᠡᠬᠡ ᠡᠴᠡ ᠨᠢ ᠤᠳᠠᠭᠠᠨ ᠬᠤᠭᠤᠴᠠᠭ᠎ᠠ ᠪᠠᠷ ᠰᠠᠯᠭᠠᠵᠤ  ᠪᠣᠯᠬᠤ ᠦᠭᠡᠢ᠂  ᠤᠴᠢᠷ ᠨᠢ ᠤᠨᠠᠭ᠎ᠠ ᠬᠣᠨᠣᠭ  ᠲᠤ ᠳᠤᠮᠳᠠᠴᠢ ᠪᠠᠷ ᠡᠬᠡ ᠶᠢ ᠪᠡᠨ 20-30 ᠤᠳᠠᠭ᠎ᠠ ᠬᠥᠬᠥᠳᠡᠭ᠃

ᠤᠨᠠᠭ᠎ᠠ ᠪᠠᠭ᠎ᠠ ᠪᠠᠭ᠎ᠠ ᠪᠠᠷ ᠣᠯᠠᠨ ᠤᠳᠠᠭ᠎ᠠ ᠬᠥᠬᠥᠳᠡᠭ ᠦᠨ ᠤᠴᠢᠷ ᠪᠣᠯ ᠭᠡᠭᠦᠦ ᠶᠢᠨ ᠳᠡᠯᠡᠩ ᠦᠨ ᠪᠠᠭᠲᠠᠭᠠᠮᠵᠢ ᠪᠠᠭ᠎ᠠ᠂ ᠲᠡᠭᠦᠨ ᠳᠦ ᠰᠦᠨ ᠣᠷᠣᠬᠤ ᠨᠢ ᠲᠦᠷᠭᠡᠨ ᠪᠥᠭᠡᠳ ᠡᠷᠴᠢᠮᠲᠡᠢ ᠶᠠᠪᠤᠭᠳᠠᠳᠠᠭ ᠲᠠᠢ ᠬᠣᠯᠪᠣᠭᠠᠲᠠᠢ᠃ ᠢᠢ᠌ᠮᠦ ᠳᠦ ᠭᠡᠭᠦᠦ ᠪᠠᠷᠢᠵᠤ ᠠᠢᠢᠷᠠᠭ ᠪᠡᠯᠡᠳᠬᠡᠬᠦ ᠦᠶ᠎ᠡ ᠳᠦ ᠣᠨᠴᠠᠯᠠᠨ ᠠᠩᠬᠠᠷᠴᠤ ᠤᠢᠢᠷ᠎ᠠ ᠤᠢᠢᠷᠠᠬᠠᠨ ᠬᠥᠬᠥᠭᠦᠯᠵᠦ  ᠪᠠᠢᠢᠪᠠᠯ ᠵᠣᠬᠢᠨ᠎ᠠ᠃ ᠤᠨᠠᠭ᠎ᠠ ᠪᠠᠷᠢᠭᠰᠠᠨ ᠤ ᠳᠠᠷᠠᠭᠠᠬᠢ ᠬᠣᠨᠣᠭ ᠤᠳ ᠲᠤ ᠶᠡᠬᠡ ᠴᠠᠩᠭᠠᠳᠠᠭ ᠤᠴᠢᠷ ᠵᠡᠯ᠎ᠡ ᠳᠡᠭᠡᠷ᠎ᠡ ᠨᠢ ᠤᠰᠤ ᠠᠪᠴᠢᠷᠠᠵᠤ ᠥᠭᠬᠦ ᠳᠦ ᠤᠰᠤᠨ ᠳᠤ ᠠᠮᠠᠷᠬᠠᠨ ᠣᠷᠣᠨ᠎ᠠ᠃

ᠵᠤᠨ ᠨᠠᠮᠤᠷ ᠤᠨ ᠦᠶ᠎ᠡ ᠳᠦ ᠤᠨᠠᠭ᠎ᠠ ᠲᠠᠢ ᠠᠳᠤᠭᠤ ᠶᠢ ᠬᠥᠭᠡᠭᠡᠵᠦ ᠬᠥᠯᠥᠷᠭᠡᠨ ᠪᠡᠯᠴᠢᠭᠡᠷ ᠦᠨ ᠪᠠ ᠮᠠᠯᠯᠠᠭᠠᠨ ᠤ ᠰᠣᠢᠢᠯᠭ᠎ᠠ ᠠᠮᠠᠷᠠᠯᠲᠠ ᠦᠭᠡᠢ᠂ ᠬᠠᠯᠠᠭᠤᠨ ᠡᠪᠡᠰᠦ ᠬᠤᠵᠢᠷ ᠢᠳᠡᠭᠦᠯᠬᠦ᠂ ᠢᠯᠠᠩᠭᠤᠶ᠎ᠠ ᠬᠣᠭ ᠤᠨ ᠤᠷᠭᠤᠮᠠᠯ ᠶᠡᠬᠡᠲᠡᠢ ᠭᠠᠵᠠᠷ ᠮᠠᠯᠯᠠᠬᠤ ᠳᠤ ᠠᠳᠤᠭᠤᠨ ᠤ ᠬᠠᠨᠢᠶᠠᠳᠤ᠂ ᠤᠨᠠᠭ᠎ᠠ ᠶᠢᠨ ᠰᠠᠬᠤᠤ ᠮᠡᠲᠦ ᠡᠪᠡᠳᠴᠢᠨ ᠨᠤᠭᠦᠳ ᠭᠠᠷᠤᠨ᠎ᠠ᠃ ᠤᠨᠠᠭ᠎ᠠ ᠪᠤᠢᠢᠵᠢᠵᠦ ᠪᠠᠢᠢᠭ᠎ᠠ ᠢᠳᠠ ᠦᠶ᠎ᠡ ᠪᠡᠷ ᠳᠡᠯᠯᠡᠵᠦ ᠬᠥᠭᠡᠪᠦᠷᠢᠯᠡᠬᠦ᠂ ᠦᠵᠡᠯᠭᠡ ᠰᠢᠨᠵᠢᠯᠡᠭᠡ ᠬᠢᠵᠦ ᠠᠳᠤᠭᠤ ᠶᠢ ᠪᠥᠭᠡᠮ ᠢᠶᠡᠷ ᠨᠢ ᠬᠠᠰᠢᠶᠠᠨ ᠳᠤ ᠣᠷᠣᠭᠤᠯᠵᠤ ᠭᠠᠷᠭᠠᠵᠤ ᠰᠢᠬᠠᠬᠤ ᠳᠤ ᠤᠨᠠᠭ᠎ᠠ ᠪᠡᠷᠲᠡᠵᠦ ᠭᠡᠮᠲᠦᠬᠦ ᠶᠠᠪᠤᠳᠠᠯ ᠭᠠᠷᠬᠤ ᠠᠴᠠ ᠰᠡᠷᠭᠡᠢᠯᠡᠬᠦ ᠬᠡᠷᠡᠭᠲᠡᠢ᠃ ᠤᠨᠠᠭ᠎ᠠ ᠶᠢ ᠬᠠᠯᠠᠭᠤᠨ ᠨᠠᠷᠠᠨ ᠳᠤ ᠤᠳᠠᠭᠠᠨ ᠤᠶᠠᠵᠤ ᠴᠠᠩᠭᠠᠭᠠᠬᠤ᠂ ᠤᠰᠤᠯᠠᠯᠲᠠ ᠬᠥᠬᠥᠭᠦᠯᠦᠯᠲᠡ ᠶᠢᠨ ᠬᠣᠭᠣᠷᠣᠨᠳᠤ ᠶᠢᠨ ᠵᠠᠢ ᠶᠢ ᠬᠣᠯᠠᠳᠠᠭᠤᠯᠤᠭᠰᠠᠨ ᠠᠴᠠ ᠨᠠᠷᠠᠰᠢᠳᠠᠭ᠃ ᠨᠠᠷᠠᠰᠢᠭᠰᠠᠨ ᠤᠨᠠᠭ᠎ᠠ ᠤᠭᠤᠬᠢᠯᠠᠨ ᠭᠡᠨᠡᠳᠲᠡ ᠦᠰᠦᠷᠴᠦ ᠤᠢᠢᠴᠢᠨ᠂ ᠪᠣᠰᠬᠤ ᠪᠠᠷ ᠢᠶᠠᠨ ᠭᠤᠢᠢᠪᠢᠨ ᠰᠠᠯᠭᠠᠨᠠᠵᠦ᠂ ᠪᠡᠶ᠎ᠡ ᠨᠢ ᠬᠥᠯᠥᠷᠡᠵᠦ᠂ ᠰᠢᠳᠦ ᠨᠢ ᠵᠠᠭᠤᠷᠠᠳᠠᠭ᠃ ᠨᠠᠷᠠᠰᠢᠭᠰᠠᠨ ᠤᠨᠠᠭ᠎ᠠ ᠳᠤ ᠲᠤᠰᠠᠯᠠᠮᠵᠢ ᠦᠵᠡᠭᠦᠯᠬᠦ ᠳ᠋ᠦ ᠪᠡᠨ ᠬᠠᠯᠠᠭᠤᠨ ᠪᠦᠯᠢᠶᠡᠨ ᠤᠰᠤ ᠪᠠᠷ ᠱᠠᠪᠰᠢᠵᠤ ᠨᠡᠮᠨᠡᠨ᠎ᠡ᠃ ᠬᠦᠨᠳᠦᠷᠡᠭᠰᠡᠨ ᠪᠣᠯ ᠭᠦᠷᠡᠭᠡ ᠡᠴᠡ ᠨᠢ ᠴᠢᠰᠤ ᠠᠪᠤᠨ᠎ᠠ᠃ ᠡᠰᠡᠪᠡᠯ ᠨᠠᠷᠠᠰᠢᠭᠰᠠᠨ ᠤᠨᠠᠭ᠎ᠠ ᠶᠢ ᠬᠤᠳᠳᠤᠭ ᠤᠨ ᠬᠦᠢᠲᠡᠨ ᠤᠰᠤ ᠪᠠᠷ ᠴᠡᠴᠡᠷᠡᠲᠡᠯ᠎ᠡ ᠱᠠᠪᠰᠢᠬᠤ ᠬᠡᠷᠡᠭᠲᠡᠢ᠃ ᠪᠦᠯᠢᠶᠡᠨ ᠤᠰᠤ ᠪᠠᠷ ᠱᠠᠪᠰᠢᠭᠰᠠᠨ ᠪᠣᠯ ᠬᠦᠢᠲᠡᠨ ᠤᠰᠤ ᠪᠠᠷ ᠱᠠᠪᠰᠢᠵᠤ ᠪᠣᠯᠬᠤ ᠦᠭᠡᠢ᠃ ᠤᠨᠠᠭ᠎ᠠ ᠶᠢ ᠡᠳᠦᠷ ᠪᠦᠷᠢ ᠤᠶᠠᠵᠤ ᠡᠬᠡ ᠶᠢ ᠨᠢ ᠰᠠᠭᠠᠬᠤ ᠳᠤ ᠤᠨᠠᠭ᠎ᠠ ᠬᠠᠲᠠᠭᠤᠵᠢᠯ ᠦᠵᠡᠵᠦ ᠨᠣᠮᠣᠬᠠᠷᠠᠬᠤ ᠪᠣᠯᠪᠠᠴᠤ ᠥᠰᠥᠯᠲᠡ ᠬᠥᠭᠵᠢᠯᠲᠡ ᠳᠦ ᠨᠢ ᠰᠠᠢᠢᠨ ᠨᠥᠯᠥᠭᠡ ᠦᠵᠡᠭᠦᠯᠵᠦ ᠴᠢᠳᠠᠬᠤ ᠦᠭᠡᠢ᠃ ᠤᠨᠠᠭ᠎ᠠ ᠶᠢ ᠨᠠᠮᠤᠷ ᠣᠷᠣᠢ ᠪᠣᠯᠲᠠᠯ᠎ᠠ ᠤᠶᠠᠵᠤ ᠡᠬᠡ ᠶᠢ ᠨᠢ ᠰᠠᠭᠠᠬᠤ ᠳᠤ ᠤᠨᠠᠭ᠎ᠠ ᠲᠠᠷᠭᠤ ᠬᠦᠴᠦ ᠪᠡᠨ ᠲᠣᠭᠲᠠᠭᠠᠬᠤ ᠪᠣᠯᠪᠠᠴᠤ ᠬᠡᠲᠦ ᠣᠷᠣᠢᠲᠠᠭᠤᠯᠪᠠᠯ ᠮᠠᠭᠤ ᠪᠠᠷ ᠨᠥᠯᠥᠭᠡᠯᠡᠵᠦ ᠣᠨ ᠴᠠᠭ ᠲᠤ ᠵᠦᠳᠡᠷᠡᠬᠦ ᠪᠣᠯᠣᠨ᠎ᠠ ᠭᠡᠳᠡᠭ ᠢ ᠠᠩᠬᠠᠷᠴᠤ ᠨᠠᠮᠤᠷ ᠤᠨ ᠳᠤᠮᠳᠠ ᠰᠠᠷ᠎ᠠ ᠶᠢᠨ  ᠰᠡᠭᠦᠯᠴᠢ ᠪᠡᠷ ᠲᠠᠯᠪᠢᠬᠤ ᠬᠡᠷᠡᠭᠲᠡᠢ᠃ ᠡᠪᠦᠯ ᠦᠨ ᠴᠠᠰᠤᠲᠠᠢ ᠦᠶ᠎ᠡ ᠳᠦ ᠤᠨᠠᠭ᠎ᠠ ᠡᠬᠡ ᠶᠢᠨ ᠢᠶᠡᠨ ᠴᠠᠪᠴᠢᠵᠤ ᠭᠠᠷᠭᠠᠭᠰᠠᠨ ᠡᠪᠡᠰᠦ ᠶᠢ ᠢᠳᠡᠳᠡᠭ ᠤᠴᠢᠷ ᠴᠠᠰᠤ ᠪᠠᠭᠠᠲᠠᠢ ᠥᠨᠳᠥᠷ ᠤᠷᠭᠤᠴᠠ ᠲᠠᠢ ᠪᠡᠯᠴᠢᠭᠡᠷ ᠲᠦ ᠣᠲᠣᠷᠯᠠᠪᠠᠯ ᠵᠣᠬᠢᠨ᠎ᠠ᠃ ᠤᠨᠠᠭ᠎ᠠ ᠪᠤᠢᠢᠵᠢᠭᠤᠯᠤᠯᠳᠠ ᠶᠢᠨ ᠲᠠᠯ᠎ᠠ ᠪᠠᠷ ᠠᠳᠤᠭᠤᠴᠢᠳ ᠤᠨ ᠤᠨᠴᠠᠭᠠᠢ ᠠᠩᠬᠠᠷᠬᠤ ᠵᠦᠢᠯ᠄

1᠃ ᠭᠡᠭᠦᠦ ᠤᠨᠠᠭᠠᠯᠠᠵᠤ ᠪᠠᠢᠢᠭ᠎ᠠ ᠦᠶ᠎ᠡ ᠳᠦ ᠥᠷᠯᠥᠭᠡ ᠡᠷᠲᠡ ᠠᠳᠤᠭᠤᠨ ᠳᠡᠭᠡᠷ᠎ᠡ ᠣᠴᠢᠵᠤ ᠨᠢᠯᠬ᠎ᠠ ᠤᠨᠠᠭ᠎ᠠ ᠡᠬᠡ ᠡᠴᠡ ᠪᠡᠨ ᠰᠠᠷᠨᠢᠬᠤ ᠡᠴᠡ ᠬᠠᠮᠠᠭᠠᠯᠠᠵᠤ ᠠᠳᠤᠭᠤ ᠪᠠᠨ ᠪᠠᠢᠢᠩᠭᠤ ᠶᠢᠨ ᠬᠠᠷᠢᠭᠤᠯᠤᠯᠤᠭ᠎ᠠ ᠮᠠᠨᠠᠭ᠎ᠠ ᠲᠠᠢ ᠪᠠᠢᠯᠭᠠᠪᠠᠯ ᠵᠣᠬᠢᠨ᠎ᠠ᠃

2᠃ ᠵᠠᠷᠢᠮ ᠪᠠᠢᠢᠳᠠᠰᠤᠨ ᠭᠡᠭᠦᠦ ᠤᠨᠠᠭ᠎ᠠ ᠳ᠋ᠦ ᠪᠡᠨ ᠬᠠᠢᠢᠷᠠᠳᠠᠢ ᠪᠠᠢᠭᠰᠠᠨ ᠴᠤ ᠭᠡᠳᠡᠭᠡ ᠨᠢ ᠬᠦᠷᠦᠭᠡᠳ ᠤᠨᠠᠭ᠎ᠠ ᠪᠠᠨ ᠬᠥᠬᠥᠭᠦᠯᠳᠡᠭ ᠦᠭᠡᠢ ᠡᠴᠡ 1-3  ᠬᠣᠨᠣᠭ ᠥᠯᠪᠡᠷᠴᠦ ᠦᠬᠦᠳᠡᠭ ᠤᠴᠢᠷ ᠠᠩᠬ᠎ᠠ ᠤᠨᠠᠭᠠᠯᠠᠭᠰᠠᠨ ᠪᠠᠢᠢᠳᠠᠰᠤᠨ ᠭᠡᠭᠦᠦ ᠪᠦᠷᠢ ᠶᠢ ᠴᠢᠳᠦᠷᠯᠡᠵᠦ ᠤᠨᠠᠭ᠎ᠠ ᠶᠢ ᠨᠢ ᠬᠥᠬᠥᠭᠦᠯᠵᠦ ᠪᠠᠢᠢᠩᠭᠤ ᠶᠢᠨ ᠬᠢᠨᠠᠯᠲᠠ ᠳᠤ ᠪᠠᠢᠯᠭᠠᠬᠤ ᠬᠡᠷᠡᠭᠲᠡᠢ᠃

3᠃ ᠰᠢᠭᠤᠷᠭ᠎ᠠ ᠰᠢᠭᠤᠷᠬᠤ ᠦᠶ᠎ᠡ ᠳᠦ ᠠᠳᠤᠭᠤ ᠶᠢ ᠰᠠᠷᠠᠪᠴᠢᠲᠠᠢ ᠬᠠᠰᠢᠶᠠᠨ ᠳᠤ ᠬᠣᠷᠢᠵᠤ ᠴᠢᠳᠠᠬᠤ ᠦᠭᠡᠢ ᠪᠣᠯ ᠠᠳᠤᠭᠤ ᠪᠠᠨ ᠴᠤᠭᠯᠠᠭᠤᠯᠵᠤ ᠤᠰᠤ ᠴᠠᠰᠤ ᠨᠡᠪᠲᠡᠷᠡᠬᠦ ᠦᠭᠡᠢ ᠵᠤᠵᠠᠭᠠᠨ ᠬᠤᠪᠴᠠᠰᠤ᠂ ᠬᠣᠭᠣᠯᠠ ᠬᠦᠨᠡᠰᠦᠨ ᠦ ᠪᠡᠯᠡᠳᠬᠡᠯ ᠲᠡᠢ ᠠᠳᠤᠭᠤ  ᠲᠠᠢ ᠪᠠᠨ ᠴᠤᠭ ᠤᠷᠤᠭᠤᠳᠠᠭᠠᠳ ᠰᠢᠭᠤᠷᠭ᠎ᠠ ᠨᠠᠮᠳᠠᠬᠤ ᠳᠤ ᠠᠳᠤᠭᠤ  ᠶᠢ ᠪᠠᠨ ᠴᠤᠪᠤᠭᠤᠯᠬᠤ ᠦᠭᠡᠢ ᠲᠣᠭᠲᠠᠭᠠᠵᠤ ᠬᠠᠷᠢᠭᠤᠯᠤᠨ ᠤᠨᠠᠭ᠎ᠠ ᠲᠥᠭᠡᠷᠢᠯᠳᠦᠬᠦ ᠡᠴᠡ ᠬᠠᠮᠠᠭᠠᠯᠠᠪᠠᠯ ᠵᠣᠬᠢᠨ᠎ᠠ᠃ ᠤᠨᠠᠭ᠎ᠠ ᠡᠬᠡ ᠶᠢ ᠪᠡᠨ ᠳᠠᠭᠠᠭᠠᠳ ᠰᠢᠭᠤᠷᠭ᠎ᠠ ᠳᠤ ᠠᠯᠵᠠᠬᠤ ᠦᠭᠡᠢ ᠶᠠᠪᠤᠵᠤ ᠴᠢᠳᠠᠳᠠᠭ ᠪᠣᠯᠪᠠᠴᠤ ᠰᠢᠭᠤᠷᠭ᠎ᠠ ᠶᠢᠨ ᠳᠠᠷᠠᠭ᠎ᠠ ᠠᠳᠤᠭᠤ ᠡᠷᠭᠢᠬᠦ ᠳᠦ ᠶᠡᠬᠡᠪᠴᠢᠯᠡᠨ ᠤᠨᠲᠠᠵᠤ ᠬᠣᠴᠣᠷᠴᠤ ᠲᠥᠭᠡᠷᠢᠯᠳᠦᠬᠦ ᠶᠠᠪᠤᠳᠠᠯ ᠭᠠᠷᠳᠠᠭ ᠢ ᠠᠩᠬᠠᠷᠴᠤ ᠠᠵᠢᠯᠯᠠᠬᠤ ᠨᠢ ᠵᠦᠢᠲᠡᠢ᠃

4᠃ ᠲᠡᠷᠢᠭᠦᠨ ᠦ ᠠᠳᠤᠭᠤᠴᠢᠳ ᠤᠨ ᠲᠤᠷᠰᠢᠯᠭ᠎ᠠ ᠪᠠᠷ ᠭᠡᠭᠦᠦ ᠶᠢ ᠬᠠᠰᠢᠶᠠᠨ ᠳᠤ ᠲᠥᠯᠯᠡᠭᠦᠯᠬᠦ ᠠᠷᠭ᠎ᠠ ᠬᠡᠮᠵᠢᠶ᠎ᠡ ᠶᠢ ᠨᠥᠭᠡᠴᠡ ᠪᠣᠯᠣᠯᠴᠠᠭ᠎ᠠ ᠠᠰᠢᠭᠯᠠᠨ ᠬᠢᠪᠡᠯ ᠵᠣᠬᠢᠨ᠎ᠠ᠃