ᠲᠡᠷᠢᠭᠦᠨ ᠨᠢᠭᠤᠷ > ᠠᠳᠤᠭᠤ ᠮᠠᠯᠯᠠᠬᠤ ᠤᠬᠠᠭᠠᠨ > ᠠᠷᠠᠴᠢᠯᠠᠭ᠎ᠡ ᠮᠠᠯᠯᠠᠭ᠎ᠡ
 
ᠵ   
2019-08-19

 

 

ᠪᠡᠯᠴᠢᠭᠡᠷ ᠦᠨ ᠠᠳᠤᠭᠤᠨ ᠰᠦᠷᠦᠭ ᠲᠦ ᠬᠡᠭᠡᠯᠲᠦᠭᠦᠯᠭᠡ ᠶᠢᠨ ᠬᠡᠳᠦ ᠬᠡᠳᠦᠨ ᠠᠷᠭ᠎ᠠ ᠬᠡᠷᠡᠭᠯᠡᠬᠦ ᠪᠥᠭᠡᠳ ᠲᠡᠳᠡᠭᠡᠷ ᠦᠨ ᠠᠯᠢᠨ ᠢ  ᠰᠣᠩᠭᠣᠨ ᠠᠪᠬᠤ ᠨᠢ ᠦᠷᠡᠵᠢᠯ ᠦᠨ ᠠᠵᠢᠯ ᠤᠨ ᠴᠢᠭᠯᠡᠯ᠂ ᠵᠣᠷᠢᠯᠲᠠ ᠠᠴᠠ ᠬᠠᠮᠢᠶᠠᠷᠤᠨ᠎ᠠ᠃ ᠡᠭᠦᠨ ᠳᠦ᠂ ᠪᠡᠯᠴᠢᠭᠡᠷ ᠦᠨ ᠴᠢᠯᠦᠭᠡᠲᠦ ᠪᠣᠯᠣᠨ ᠠᠩᠭᠢᠯᠠᠵᠤ ᠰᠦᠷᠦᠭᠯᠡᠨ ᠬᠠᠰᠢᠶᠠᠯᠠᠨ᠂ ᠭᠠᠷᠳᠠᠨ ᠬᠡᠭᠡᠯᠲᠦᠭᠦᠯᠭᠡ ᠶᠢᠨ ᠠᠷᠭ᠎ᠠ ᠶᠢ ᠬᠡᠷᠡᠭᠯᠡᠳᠡᠭ᠃

 

1    ᠪᠡᠯᠴᠢᠭᠡᠷ ᠦᠨ ᠴᠢᠯᠦᠭᠡᠲᠦ ᠬᠡᠭᠡᠯᠲᠦᠭᠦᠯᠭᠡ

ᠡᠨᠡ ᠠᠷᠭ᠎ᠠ ᠶᠢ ᠵᠥᠪᠬᠡᠨ ᠬᠡᠷᠡᠭᠴᠡᠭᠡᠨ  ᠦ ᠠᠳᠤᠭᠤᠨ ᠰᠦᠷᠦᠭ ᠲᠦ ᠬᠡᠷᠡᠭᠯᠡᠨ᠎ᠡ᠃ ᠭᠡᠬᠦ ᠳ᠋ᠦ ᠪᠡᠨ ᠠᠩᠭᠢᠯᠠᠯ ᠢᠶᠠᠷ 2 ᠠᠴᠠ ᠳᠣᠷᠣᠭᠰᠢ ᠦᠭᠡᠢ ᠠᠩᠭᠢ ᠳᠤ ᠣᠷᠣᠭᠰᠠᠨ ᠠᠵᠢᠷᠭ᠎ᠠ ᠠᠰᠢᠭᠯᠠᠨ᠎ᠠ᠃ ᠪᠡᠯᠴᠢᠭᠡᠷ ᠦᠨ ᠴᠢᠯᠦᠭᠡᠲᠦ ᠬᠡᠭᠡᠯᠲᠦᠭᠦᠯᠭᠡ ᠶᠢᠨ ᠦᠶ᠎ᠡ ᠳᠦ ᠨᠠᠰᠤᠨ ᠤ ᠪᠠᠢᠢᠳᠠᠯ ᠂ ᠠᠵᠢᠷᠭ᠎ᠠ ᠭᠡᠭᠦᠦ ᠶᠢᠨ ᠲᠥᠷᠥᠯ ᠢ ᠬᠠᠷᠠᠭᠠᠯᠵᠠᠬᠤ ᠨᠢ ᠵᠦᠢᠲᠡᠢ᠃ ᠤᠤᠯ ᠠᠵᠢᠷᠭ᠎ᠠ ᠶᠢᠨ ᠬᠤᠷᠢᠶᠠᠬᠤ ᠭᠡᠭᠦᠦ ᠶᠢ ᠤᠷᠢᠳᠴᠢᠯᠠᠨ ᠨᠣᠭᠳᠠᠭᠤᠯᠵᠤ ᠭᠡᠭᠦᠦ ᠶᠢ ᠠᠵᠢᠷᠭ᠎ᠠ ᠳᠤ ᠬᠤᠷᠢᠶᠠᠯᠭᠠᠵᠤ ᠳᠠᠰᠬᠠᠬᠤ ᠬᠡᠷᠡᠭᠲᠡᠢ᠃

ᠨᠢᠭᠡ ᠠᠵᠢᠷᠭ᠎ᠠ ᠳᠤ 15-20 ᠭᠡᠭᠦᠦ ᠨᠣᠭᠳᠠᠬᠤ ᠪᠠᠷ ᠪᠣᠳᠣᠵᠤ ᠰᠦᠷᠦᠭ ᠲᠦ ᠠᠵᠢᠷᠭ᠎ᠠ ᠲᠠᠯᠪᠢᠨ᠎ᠠ᠃ ᠪᠡᠯᠴᠢᠭᠡᠷ ᠦᠨ ᠴᠢᠯᠦᠭᠡᠲᠦ ᠬᠡᠭᠡᠯᠲᠦᠭᠦᠯᠭᠡ ᠶᠢᠨ ᠦᠶ᠎ᠡ ᠳᠦ ᠶᠠᠮᠠᠷ ᠠᠵᠢᠷᠭ᠎ᠠ ᠶᠠᠮᠠᠷ ᠭᠡᠭᠦᠦ ᠬᠤᠷᠢᠶᠠᠭᠰᠠᠨ ᠢ ᠠᠳᠤᠭᠤᠴᠢᠳ ᠰᠠᠢᠢᠨ ᠠᠵᠢᠭᠯᠠᠵᠤ ᠪᠦᠷᠢᠳᠬᠡᠵᠦ ᠪᠠᠢᠢᠬᠤ ᠡᠭᠦᠷᠭᠡ ᠲᠡᠢ ᠪᠥᠭᠡᠳ ᠲᠡᠭᠦᠨ ᠦ ᠦᠨᠳᠦᠰᠦᠨ ᠳᠡᠭᠡᠷ᠎ᠡ ᠬᠡᠭᠡᠯᠲᠦᠭᠦᠯᠭᠡ ᠶᠢᠨ ᠮᠡᠳᠡᠭᠡ ᠶᠢ ᠭᠠᠷᠭᠠᠨ᠎ᠠ᠃

 

2    ᠠᠩᠭᠢᠯᠠᠨ ᠰᠦᠷᠦᠭᠯᠡᠵᠦ ᠬᠡᠭᠡᠯᠲᠦᠭᠦᠯᠬᠦ ᠠᠷᠭ᠎ᠠ

ᠡᠨᠡ ᠠᠷᠭ᠎ᠠ ᠶᠢ ᠦᠷᠡᠵᠢᠯ ᠦᠨ ᠪᠣᠯᠣᠨ ᠵᠠᠷᠢᠮ ᠬᠡᠷᠡᠭᠴᠡᠭᠡᠨ ᠦ ᠰᠠᠭᠤᠷᠢ ᠳᠤ ᠬᠡᠷᠡᠭᠯᠡᠨ᠎ᠡ᠃ ᠠᠵᠢᠷᠭ᠎ᠠ ᠭᠡᠭᠦᠦ ᠶᠢᠨ ᠠᠩᠭᠢᠯᠠᠯᠲᠠ ᠶᠢᠨ ᠮᠠᠲ᠋ᠧᠷᠢᠶᠠᠯ ᠤᠨ ᠦᠨᠳᠦᠰᠦᠨ ᠳᠡᠭᠡᠷ᠎ᠡ ᠰᠦᠷᠦᠭᠯᠡᠨ ᠠᠩᠭᠢᠯᠠᠵᠤ ᠬᠡᠭᠡᠯᠲᠦᠭᠦᠯᠬᠦ ᠠᠷᠭ᠎ᠠ ᠶᠢ ᠬᠡᠷᠡᠭᠯᠡᠨ᠎ᠡ᠃ ᠠᠩᠭᠢᠯᠠᠨ ᠰᠦᠷᠦᠭᠯᠡᠬᠦ ᠬᠡᠭᠡᠯᠲᠦᠭᠦᠯᠭᠡ ᠪᠡᠷ ᠠᠵᠢᠷᠭ᠎ᠠ ᠭᠡᠭᠦᠦ ᠶᠢ ᠲᠤᠰᠠᠭᠠᠷᠯᠠᠨ ᠰᠠᠭᠤᠷᠢᠯᠠᠵᠤ ᠮᠠᠯᠯᠠᠨ᠎ᠠ᠃ ᠬᠡᠭᠡᠯᠲᠦᠭᠦᠯᠭᠡ ᠶᠢᠨ ᠡᠨᠡ ᠠᠷᠭ᠎ᠠ ᠶᠢᠨ ᠦᠶ᠎ᠡ ᠳᠦ ᠦᠷᠡᠵᠢᠯ ᠦᠨ ᠰᠢᠯᠢᠮᠡᠯ ᠭᠡᠭᠦᠦ ᠶᠢᠨ ᠰᠠᠭᠤᠷᠢ ᠳᠤ ᠰᠢᠯᠢᠮᠡᠯ ᠠᠵᠢᠷᠭ᠎ᠠ ᠲᠠᠯᠪᠢᠨ᠎ᠠ᠃ ᠨᠢᠭᠡᠳᠦᠭᠡᠷ ᠠᠩᠭᠢ ᠶᠢᠨ ᠭᠡᠭᠦᠦ ᠳᠦ ᠨᠢᠭᠡᠳᠦᠭᠡᠷ ᠠᠩᠭᠢ ᠶᠢᠨ ᠠᠵᠢᠷᠭ᠎ᠠ᠂ ᠬᠣᠶᠠᠳᠤᠭᠠᠷ ᠠᠩᠭᠢ ᠶᠢᠨ ᠭᠡᠭᠦᠦ ᠳᠦ ᠨᠢᠭᠡᠳᠦᠭᠡᠷ ᠠᠩᠭᠢ ᠠᠴᠠ ᠳᠤᠷᠤᠭᠰᠢ ᠦᠭᠡᠢ᠂ ᠬᠡᠷᠡᠭᠴᠡᠭᠡᠨ ᠦ ᠰᠠᠭᠤᠷᠢ ᠳᠦ ᠨᠢᠭᠡ ᠪᠤᠶᠤ ᠬᠣᠶᠠᠳᠤᠭᠠᠷ ᠠᠩᠭᠢ ᠳᠤ ᠣᠷᠣᠭᠰᠠᠨ ᠠᠵᠢᠷᠭ᠎ᠠ ᠲᠠᠯᠪᠢᠨ᠎ᠠ᠃ ᠠᠩᠬ᠎ᠠ ᠠᠰᠢᠭᠯᠠᠵᠤ ᠪᠠᠢᠢᠭ᠎ᠠ ᠵᠠᠯᠠᠭᠤ ᠠᠵᠢᠷᠭ᠎ᠠ ᠳᠤ ᠣᠷᠣᠭ᠎ᠠ ᠨᠢ ᠰᠠᠢᠢᠨ ᠣᠷᠣᠭᠰᠠᠨ ᠭᠡᠭᠦᠦ ᠭᠢᠰᠬᠢᠭᠦᠯᠦᠨ ᠤᠤᠯ ᠰᠦᠷᠦᠭ ᠲᠦ ᠨᠢ ᠬᠠᠮᠲᠤ ᠪᠠᠢᠢᠯᠭᠠᠨ᠎ᠠ᠃ ᠠᠩᠭᠢᠯᠠᠨ ᠰᠦᠷᠦᠭᠯᠡᠬᠦ ᠬᠡᠭᠡᠯᠲᠦᠭᠦᠯᠭᠡ ᠶᠢᠨ ᠦᠶ᠎ᠡ ᠳᠦ ᠨᠢᠭᠡ ᠠᠵᠢᠷᠭ᠎ᠠ ᠳᠤ 20-25 ᠭᠡᠭᠦᠦ ᠨᠣᠭᠳᠠᠭᠤᠯᠤᠨ᠎ᠠ᠃ ᠠᠩᠬ᠎ᠠ ᠬᠡᠭᠡᠯᠲᠦᠭᠦᠯᠭᠡ ᠳᠦ ᠠᠰᠢᠭᠯᠠᠵᠤ ᠪᠠᠢᠭ᠎ᠠ ᠭᠡᠭᠦᠦ ᠨᠣᠭᠳᠠᠭᠤᠯᠤᠨ᠎ᠠ᠃ ᠡᠨᠡ ᠬᠡᠭᠡᠯᠲᠦᠭᠦᠯᠭᠡ ᠶᠢᠨ ᠦᠶ᠎ᠡ ᠳᠦ ᠠᠵᠢᠷᠭ᠎ᠠ ᠦᠷᠢᠶ᠎ᠡ᠂ ᠨᠠᠰᠤ ᠠᠬᠢᠭᠰᠠᠨ ᠠᠵᠢᠷᠭ᠎ᠠ ᠳᠤ 12-15 ᠭᠡᠭᠦᠦ ᠶᠢ ᠬᠤᠷᠢᠶᠠᠭᠰᠠᠨ ᠠᠵᠢᠷᠭ᠎ᠠ ᠶᠢᠨ ᠨᠢ ᠬᠠᠮᠲᠤ ᠲᠤᠰ ᠲᠤᠰ ᠲᠤ ᠨᠢ ᠮᠠᠯᠯᠠᠨ᠎ᠠ᠃ ᠰᠠᠭᠤᠷᠢ ᠨᠤᠭᠤᠳ ᠤᠨ ᠬᠣᠭᠣᠷᠣᠨᠳᠤ 2-3 ᠺᠢᠯᠣᠮᠧᠲᠷ ᠤᠨ ᠵᠠᠢᠢᠳᠠᠢ ᠪᠠᠢᠢᠨ᠎ᠠ᠃ ᠦᠷᠡᠵᠢᠯ ᠦᠨ ᠴᠢᠨᠠᠷ ᠢᠶᠠᠷ ᠲᠣᠬᠢᠷᠠᠭᠰᠠᠨ ᠨᠥᠭᠡᠴᠡ ᠠᠵᠢᠷᠭ᠎ᠠ ᠪᠠᠢᠢᠯᠭᠠᠪᠠᠯ ᠵᠣᠬᠢᠨ᠎ᠠ᠃ ᠬᠡᠷᠪᠡ ᠬᠡᠭᠡᠯᠲᠦᠭᠦᠯᠭᠡ ᠳᠦ ᠠᠰᠢᠭᠯᠠᠵᠤ ᠪᠠᠢᠢᠭ᠎ᠠ ᠠᠵᠢᠷᠭ᠎ᠠ ᠶᠠᠮᠠᠷ ᠨᠢᠭᠡᠨ ᠰᠢᠯᠲᠠᠭᠠᠨ ᠢᠶᠠᠷ ᠭᠡᠮᠲᠦᠬᠦ ᠪᠤᠶᠤ ᠬᠠᠷᠠᠢᠢᠯᠳᠠ ᠨᠢ ᠮᠠᠭᠤᠳᠠᠪᠠᠯ ᠲᠡᠭᠦᠨ ᠢ ᠨᠥᠭᠡᠴᠡᠯᠡᠭᠰᠡᠨ ᠠᠵᠢᠷᠭ᠎ᠠ ᠪᠠᠷ ᠰᠣᠯᠢᠵᠤ ᠬᠡᠭᠡᠯᠲᠦᠭᠦᠯᠭᠡ ᠳᠦ ᠠᠰᠢᠭᠯᠠᠵᠤ ᠪᠠᠢᠢᠭᠰᠠᠨ ᠠᠵᠢᠷᠭ᠎ᠠ ᠪᠠᠨ ᠨᠥᠭᠡᠴᠡ ᠳᠦ ᠰᠢᠯᠵᠢᠭᠦᠯᠦᠨ᠎ᠡ᠃ ᠭᠡᠭᠦᠦ ᠶᠢ ᠰᠠᠭᠠᠯᠢ ᠳᠤ ᠠᠰᠢᠭᠯᠠᠵᠤ ᠪᠠᠢᠢᠭ᠎ᠠ ᠪᠣᠯ ᠠᠵᠢᠷᠭ᠎ᠠ ᠠᠷᠵᠢᠭ᠎ᠠ ᠪᠠᠷ ᠨᠢ ᠲᠤᠰᠬᠠᠢ ᠮᠠᠯᠯᠠᠨ᠎ᠠ᠃

 

3᠃ ᠬᠠᠰᠢᠶᠠᠯᠠᠨ ᠬᠡᠭᠡᠯᠲᠦᠭᠦᠯᠬᠦ ᠠᠷᠭ᠎ᠠ

ᠪᠡᠯᠴᠢᠭᠡᠷ ᠦᠨ ᠠᠳᠤᠭᠤᠨ ᠰᠦᠷᠦᠭ ᠲᠦ ᠦᠷᠡᠵᠢᠯ ᠦᠨ ᠠᠵᠢᠯ ᠨᠠᠷᠢᠨ ᠵᠣᠬᠢᠶᠠᠵᠤ ᠪᠠᠢᠭ᠎ᠠ ᠦᠶ᠎ᠡ ᠳᠦ ᠬᠠᠰᠢᠶᠠᠯᠠᠨ ᠬᠡᠭᠡᠯᠲᠦᠭᠦᠯᠬᠦ ᠠᠷᠭ᠎ᠠ ᠶᠢ ᠬᠡᠷᠡᠭᠯᠡᠨ᠎ᠡ᠃ ᠡᠨᠡ ᠠᠷᠭ᠎ᠠ ᠶᠢᠨ ᠦᠶ᠎ᠡ ᠳᠦ ᠵᠥᠪᠬᠡᠨ ᠲᠣᠬᠢᠷᠠᠭᠤᠯᠤᠨ ᠰᠣᠩᠭᠣᠭᠰᠠᠨ ᠠᠵᠢᠷᠭ᠎ᠠ ᠭᠡᠭᠦᠦ ᠶᠢ ᠨᠡᠢᠯᠡᠭᠦᠯᠦᠨ᠎ᠡ᠃ ᠬᠠᠰᠢᠶᠠᠯᠠᠨ ᠬᠡᠭᠡᠯᠲᠦᠭᠦᠯᠬᠦ ᠳᠦ ᠭᠡᠭᠦᠦ ᠶᠢ ᠬᠠᠰᠢᠵᠤ ᠲᠡᠳᠡᠭᠡᠷ ᠢ ᠲᠣᠬᠢᠷᠠᠭᠤᠯᠤᠨ ᠰᠣᠩᠭᠣᠭᠰᠠᠨ ᠠᠵᠢᠷᠭ᠎ᠠ ᠪᠠᠷ ᠭᠢᠰᠬᠢᠭᠦᠯᠦᠨ᠎ᠡ᠃ ᠠᠵᠢᠷᠭ᠎ᠠ ᠣᠷᠣᠭᠠᠲᠠᠢ ᠭᠡᠭᠦᠦ ᠶᠢ ᠣᠯᠵᠤ 1-2 ᠤᠳᠠᠭ᠎ᠠ ᠭᠢᠰᠬᠢᠭᠰᠡᠨ ᠦ ᠳᠠᠷᠠᠭ᠎ᠠ ᠤᠤᠯ ᠰᠦᠷᠦᠭ ᠢ ᠪᠡᠯᠴᠢᠭᠡᠷ ᠲᠦ ᠭᠠᠷᠭᠠᠨ᠎ᠠ᠃ ᠬᠠᠰᠢᠶᠠᠯᠠᠨ ᠬᠡᠭᠡᠯᠲᠦᠭᠦᠯᠬᠦ ᠠᠷᠭ᠎ᠠ ᠶᠢ ᠬᠢᠯᠪᠠᠷᠴᠢᠯᠠᠬᠤ ᠶᠢᠨ ᠲᠤᠯᠠᠳᠠ ᠲᠤᠷᠰᠢᠭᠴᠢ ᠠᠵᠢᠷᠭ᠎ᠠ ᠪᠠᠷ ᠵᠥᠪᠬᠡᠨ ᠣᠷᠣᠭ᠎ᠠ ᠨᠢ ᠣᠷᠣᠭᠰᠠᠨ ᠭᠡᠭᠦᠦ ᠶᠢ ᠢᠯᠡᠷᠡᠭᠦᠯᠵᠦ ᠡᠳᠡᠭᠡᠷ ᠭᠡᠭᠦᠦ ᠶᠢ ᠬᠠᠰᠢᠶᠠᠨ ᠳᠤ ᠬᠠᠰᠢᠵᠤ ᠨᠣᠭᠳᠠᠭᠤᠯᠤᠭᠰᠠᠨ ᠠᠵᠢᠷᠭ᠎ᠠ ᠪᠠᠷ 1-2 ᠤᠳᠠᠭ᠎ᠠ ᠭᠢᠰᠬᠢᠭᠦᠯᠵᠦ᠂ ᠪᠡᠯᠴᠢᠭᠡᠷ ᠲᠦ ᠭᠠᠷᠭᠠᠨ᠎ᠠ᠃ ᠬᠠᠰᠢᠶᠠᠯᠠᠨ ᠬᠡᠭᠡᠯᠲᠦᠭᠦᠯᠬᠦ ᠦᠶ᠎ᠡ ᠳᠦ ᠨᠢᠭᠡ ᠠᠵᠢᠷᠭ᠎ᠠ ᠳᠤ 25-30 ᠭᠡᠭᠦᠦ ᠨᠣᠭᠳᠠᠭᠤᠯᠤᠨ᠎ᠠ᠃

 

4᠃ ᠭᠠᠷᠳᠠᠨ ᠬᠡᠭᠡᠯᠲᠦᠭᠦᠯᠭᠡ

ᠭᠠᠷᠳᠠᠨ ᠬᠡᠭᠡᠯᠲᠦᠭᠦᠯᠭᠡ ᠶᠢ ᠶᠠᠪᠤᠭᠤᠯᠬᠤ ᠳᠤ ᠪᠡᠯᠴᠢᠭᠡᠷ ᠲᠦ ᠲᠤᠷᠰᠢᠭᠴᠢ ᠠᠵᠢᠷᠭ᠎ᠠ ᠪᠠᠷ ᠣᠷᠣᠭ᠎ᠠ ᠨᠢ ᠣᠷᠣᠭᠰᠠᠨ ᠭᠡᠭᠦᠦ ᠶᠢ ᠣᠯᠣᠭᠤᠯᠵᠤ᠂ ᠠᠵᠢᠷᠭ᠎ᠠ ᠳᠦ ᠠᠪᠴᠢᠷᠠᠵᠤ ᠭᠢᠰᠬᠢᠭᠦᠯᠦᠨ᠎ᠡ᠃ ᠭᠠᠷᠳᠠᠨ ᠬᠡᠭᠡᠯᠲᠦᠭᠦᠯᠭᠡ ᠳᠦ ᠠᠰᠢᠭᠯᠠᠵᠤ ᠪᠠᠢᠢᠭ᠎ᠠ ᠠᠵᠢᠷᠭ᠎ᠠ ᠶᠢ ᠡᠳᠦᠷ ᠲᠦ 1-2 ᠤᠳᠠᠭ᠎ᠠ ᠬᠠᠷᠠᠢᠢᠯᠭᠠᠨ᠎ᠠ ᠃ ᠭᠠᠷᠳᠠᠨ ᠬᠡᠭᠡᠯᠲᠦᠭᠦᠯᠭᠡ  ᠪᠡᠷ ᠨᠢᠭᠡ ᠠᠵᠢᠷᠭ᠎ᠠ ᠳᠤ 35-40 ᠭᠡᠭᠦᠦ ᠡᠴᠡ ᠳᠡᠭᠡᠭᠰᠢ ᠭᠡᠭᠦᠦ ᠨᠣᠭᠳᠠᠭᠤᠯᠵᠤ ᠪᠣᠯᠣᠨ᠎ᠠ᠃ ᠭᠡᠭᠦᠦ ᠬᠡᠭᠡᠯᠲᠦᠭᠦᠯᠭᠡ ᠶᠢᠨ ᠳ᠋ᠦᠩ ᠢ ᠰᠠᠭᠤᠷᠢ ᠶᠢᠨ ᠠᠬᠠᠯᠠᠭᠴᠢ ᠨᠠᠷ ᠤᠨ ᠲᠣᠳᠣᠷᠬᠠᠢᠢᠯᠠᠯᠳᠠ ᠶᠢ ᠦᠨᠳᠦᠰᠦᠯᠡᠨ ᠵᠣᠲ᠋ᠧᠭᠨᠢᠭᠴᠢ᠂ ᠮᠠᠯ ᠤᠨ ᠡᠮᠴᠢ ᠨᠠᠷ ᠬᠡᠭᠡᠯ ᠦᠨ ᠰᠢᠯᠭᠠᠯᠲᠠ ᠬᠢᠵᠦ ᠠᠵᠢᠷᠭ᠎ᠠ ᠭᠡᠭᠦᠦ ᠶᠢᠨ ᠲᠣᠬᠢᠷᠠᠭ᠎ᠠ ᠶᠢ ᠳᠠᠬᠢᠨ ᠨᠠᠷᠢᠪᠴᠢᠯᠠᠨ ᠦᠵᠡᠵᠦ ᠭᠠᠷᠭᠠᠨ᠎ᠠ᠃