ᠲᠡᠷᠢᠭᠦᠨ ᠨᠢᠭᠤᠷ > ᠠᠳᠤᠭᠤ ᠮᠠᠯᠯᠠᠬᠤ ᠤᠬᠠᠭᠠᠨ > ᠠᠷᠠᠴᠢᠯᠠᠭ᠎ᠡ ᠮᠠᠯᠯᠠᠭ᠎ᠡ
 
ᠵ   
2019-08-19

ᠠᠳᠤᠭᠤᠨ ᠰᠦᠷᠦᠭ ᠦᠨ ᠨᠥᠬᠥᠨ ᠦᠢᠯᠡᠳᠪᠦᠷᠢᠯᠡᠯ ᠢ ᠬᠠᠩᠭᠠᠬᠤ ᠦᠨᠳᠦᠰᠦᠨ ᠨᠥᠬᠥᠴᠡᠯ ᠪᠣᠯ ᠭᠡᠭᠦᠦ ᠨᠢᠭᠡ ᠪᠦᠷᠢ ᠶᠢ ᠪᠦᠷᠢᠨ ᠬᠡᠭᠡᠯ ᠠᠪᠬᠠᠭᠤᠯᠬᠤ ᠶᠠᠪᠤᠳᠠᠯ ᠶᠤᠮ᠃ ᠭᠡᠭᠦᠦ ᠪᠦᠷᠢ ᠶᠢ ᠬᠡᠭᠡᠯ ᠠᠪᠬᠠᠭᠤᠯᠬᠤ ᠨᠢ ᠠᠵᠢᠯ ᠤᠨ ᠪᠡᠯᠡᠳᠬᠡᠯ ᠵᠣᠬᠢᠶᠠᠨ ᠪᠠᠢᠭᠤᠯᠤᠯᠲᠠ᠂ ᠠᠵᠢᠷᠭ᠎ᠠ ᠭᠡᠭᠦᠦ ᠶᠢᠨ ᠲᠠᠷᠭᠤ ᠬᠦᠴᠦ᠂ ᠡᠷᠡᠭᠦᠯ ᠮᠡᠨᠳᠦ ᠲᠣᠬᠢᠷᠠᠭ᠎ᠠ ᠵᠡᠷᠭᠡ ᠡᠴᠡ ᠰᠢᠭᠤᠳ ᠰᠢᠯᠲᠠᠭᠠᠯᠠᠨ᠎ᠠ᠃ ᠭᠡᠭᠦᠦ ᠬᠡᠭᠡᠯᠲᠦᠭᠦᠯᠭᠡ ᠶᠢᠨ ᠪᠡᠯᠡᠳᠬᠡᠯ ᠠᠵᠢᠯ ᠳᠤ ᠳᠣᠣᠷᠠᠬᠢ ᠠᠵᠢᠯ ᠢ ᠬᠢᠪᠡᠯ ᠵᠣᠬᠢᠨ᠎ᠠ᠃

ᠡᠭᠦᠨ ᠳᠦ᠂

1᠃ ᠠᠵᠢᠷᠭᠠᠨ ᠦᠷᠢᠶ᠎ᠡ ᠶᠢ ᠨᠠᠮᠤᠷ ᠣᠷᠣᠢ 10-11 ᠰᠠᠷ᠎ᠠ ᠳᠤ᠂ ᠬᠠᠪᠤᠷ ᠡᠷᠲᠡ ᠵᠠᠰᠠᠬᠤ ᠦᠭᠡᠢ ᠪᠣᠯ᠂ ᠠᠵᠢᠷᠭ᠎ᠠ ᠲᠠᠢ ᠠᠳᠤᠭᠤ ᠠᠴᠠ ᠭᠡᠭᠦᠦ ᠲᠠᠰᠤᠯᠵᠤ ᠰᠠᠷᠨᠢᠭᠤᠯᠬᠤ ᠦᠢᠮᠡᠭᠦᠯᠬᠦ ᠵᠡᠷᠭᠡ ᠪᠡᠷ ᠭᠡᠭᠦᠦ ᠶᠢ ᠰᠤᠪᠠᠢᠷᠠᠭᠤᠯᠬᠤ ᠳᠦ ᠬᠦᠷᠦᠨ᠎ᠡ᠃

2᠃ ᠬᠠᠪᠤᠷ ᠡᠷᠲᠡ 4 ᠰᠠᠷ᠎ᠠ ᠳᠤ ᠪᠠᠢᠢᠳᠠᠰᠤᠨ ᠭᠡᠭᠦᠦ ᠶᠢ ᠢᠯᠭᠠᠵᠤ  ᠥᠭᠡᠷ᠎ᠡ ᠪᠦᠳᠦᠭᠦᠨ ᠠᠵᠢᠷᠭ᠎ᠠ ᠳᠤ ᠬᠤᠷᠢᠶᠠᠯᠭᠠᠨ᠎ᠠ᠃ ᠠᠵᠢᠷᠭ᠎ᠠ ᠥᠪᠡᠷ ᠦᠨ ᠢᠶᠡᠨ ᠲᠥᠯ ᠪᠠᠢᠢᠳᠠᠰᠤ ᠶᠢ ᠰᠦᠷᠦᠭ ᠡᠴᠡ ᠪᠡᠨ ᠬᠠᠰᠤᠵᠤ ᠡᠬᠢᠯᠡᠬᠦ ᠦᠶ᠎ᠡ ᠳᠦ ᠢᠯᠭᠠᠨ᠎ᠠ᠃

3᠃ ᠬᠡᠭᠡᠯᠲᠦᠭᠦᠯᠭᠡ ᠶᠠᠪᠤᠭᠤᠯᠬᠤ ᠪᠡᠯᠴᠢᠭᠡᠷ ᠤᠰᠤ ᠶᠢ ᠵᠥᠪ ᠰᠣᠩᠭᠣᠵᠤ ᠴᠢᠭᠢᠭ ᠰᠠᠢᠢᠳᠠᠢ ᠨᠣᠭᠣᠭ᠎ᠠ ᠤᠷᠢᠲᠠᠵᠤ ᠭᠠᠷᠬᠤ ᠪᠡᠯᠴᠢᠭᠡᠷ ᠢ ᠰᠣᠩᠭᠣᠵᠤ ᠠᠳᠤᠭᠤ ᠪᠠᠨ ᠬᠠᠷᠢᠭᠤᠯᠤᠭᠰᠠᠨ  ᠢᠶᠠᠷ ᠠᠳᠤᠭᠤ ᠡᠷᠲᠡ ᠲᠡᠪᠡᠭᠡᠷᠡᠵᠦ ᠭᠡᠭᠦᠦ ᠶᠢᠨ ᠣᠷᠣᠭ᠎ᠠ ᠰᠠᠢᠢᠨ ᠣᠷᠣᠵᠤ ᠪᠦᠷᠢᠨ ᠬᠡᠭᠡᠯ ᠠᠪᠤᠨ᠎ᠠ᠃

4᠃ ᠠᠳᠤᠭᠤᠨ ᠰᠦᠷᠦᠭ ᠲᠦ ᠵᠣ - ᠮᠠᠯ ᠡᠮᠨᠡᠯᠭᠡ ᠶᠢᠨ ᠦᠵᠡᠯᠭᠡ ᠶᠢ ᠵᠢᠯ ᠳᠦ 2 ᠤᠳᠠᠭ᠎ᠠ ᠶᠠᠪᠤᠭᠤᠯᠤᠨ᠎ᠠ᠃ 4 ᠰᠠᠷ᠎ᠠ ᠶᠢᠨ 25 ᠡᠴᠡ 5 ᠰᠠᠷ᠎ᠠ ᠶᠢᠨ 10 ᠦ ᠳᠣᠲᠣᠷ᠎ᠠ ᠠᠳᠤᠭᠤᠨ ᠰᠦᠷᠦᠭ ᠦᠨ ᠲᠠᠷᠭᠤ ᠬᠦᠴᠦᠨ ᠦ ᠪᠠᠢᠢᠳᠠᠯ ᠡᠪᠡᠳᠴᠢᠨ ᠡᠮᠭᠡᠭ ᠢ ᠢᠯᠡᠷᠡᠭᠦᠯᠦᠨ ᠡᠪᠡᠳᠴᠢᠲᠡᠢ ᠠᠳᠤᠭᠤ  ᠶᠢ ᠴᠢᠨᠠᠭᠰᠢᠳᠠ ᠡᠮᠴᠢᠯᠡᠬᠦ᠂ ᠠᠵᠢᠷᠭ᠎ᠠ ᠭᠡᠭᠦᠦ ᠶᠢᠨ ᠲᠣᠬᠢᠷᠠᠭ᠎ᠠ ᠵᠡᠷᠭᠡ ᠳᠦ ᠦᠵᠡᠯᠭᠡ ᠬᠢᠨ᠎ᠡ᠃ ᠠᠵᠢᠷᠭ᠎ᠠ ᠭᠡᠭᠦᠦ ᠶᠢᠨ ᠲᠣᠬᠢᠷᠠᠭ᠎ᠠ ᠶᠢ ᠨᠠᠰᠤ ᠭᠦᠢᠴᠡᠭᠰᠡᠨ ᠪᠦᠳᠦᠭᠦᠨ  ᠠᠵᠢᠷᠭ᠎ᠠ ᠳᠤ 15 ᠭᠡᠭᠦᠦ᠂ ᠪᠠᠭ᠎ᠠ  ᠨᠠᠰᠤᠨ ᠤ  ᠪᠤᠶᠤ ᠨᠠᠰᠤ ᠠᠬᠢᠭᠰᠠᠨ ᠠᠵᠢᠷᠭ᠎ᠠ ᠳᠦ 10-12 ᠭᠡᠭᠦᠦ ᠲᠣᠬᠢᠷᠠᠭᠤᠯᠵᠤ ᠬᠤᠷᠢᠶᠠᠯᠭᠠᠨ᠎ᠠ᠃

ᠠᠵᠢᠷᠭ᠎ᠠ ᠰᠣᠯᠢᠬᠤ ᠳᠤ ᠮᠠᠰᠢ ᠠᠩᠬᠠᠷᠤᠯᠲᠠᠢ ᠬᠠᠨᠳᠤᠬᠤ ᠬᠡᠷᠡᠭᠲᠡᠢ᠃ ᠰᠣᠯᠢᠬᠤ ᠠᠵᠢᠷᠭ᠎ᠠ ᠶᠢ ᠨᠠᠮᠤᠷ ᠤᠷᠤᠢᠢᠬᠠᠨ᠂ ᠡᠰᠡᠪᠡᠯ ᠬᠠᠪᠤᠷ ᠡᠷᠲᠡ ᠵᠠᠰᠠᠵᠤ ᠬᠥᠩᠭᠡᠯᠡᠭᠡᠳ ᠭᠡᠭᠦᠦ ᠶᠢ ᠨᠢ ᠤᠨᠠᠭᠠᠯᠠᠭᠠᠳ ᠳᠠᠭᠤᠰᠬᠤ ᠦᠶ᠎ᠡ ᠳᠦ ᠰᠢᠨ᠎ᠡ ᠠᠵᠢᠷᠭ᠎ᠠ ᠳᠤ ᠬᠤᠷᠢᠶᠠᠯᠭᠠᠨ᠎ᠠ᠃ ᠠᠵᠢᠷᠭᠠᠨ ᠦᠷᠢᠶ᠎ᠡ ᠶᠢ ᠬᠥᠯ ᠤᠳᠠᠭᠠᠨ ᠲᠠᠢ ᠪᠦᠳᠦᠭᠦᠨ ᠭᠡᠭᠦᠦ ᠲᠡᠢ ᠡᠬᠢᠯᠡᠵᠦ ᠬᠤᠷᠢᠶᠠᠯᠭᠠᠪᠠᠯ ᠲᠣᠭᠲᠠᠪᠤᠷᠢᠲᠠᠢ ᠪᠣᠯᠣᠨ᠎ᠠ᠃ ᠭᠡᠭᠦᠦ ᠬᠡᠭᠡᠯᠲᠦᠭᠦᠯᠭᠡ ᠶᠢᠨ ᠿᠤᠷᠨᠠᠯ ᠢ ᠪᠦᠷᠢᠨ ᠬᠥᠲᠥᠯᠬᠦ  ᠬᠡᠷᠡᠭᠲᠡᠢ᠃ ᠬᠡᠭᠡᠯᠲᠦᠭᠦᠯᠭᠡ ᠶᠢᠨ ᠦᠶ᠎ᠡ ᠳᠦ ᠠᠵᠢᠷᠭ᠎ᠠ ᠶᠢ ᠤᠨᠤᠭ᠎ᠠ ᠡᠳ᠋ᠯᠡᠭᠡ ᠡᠴᠡ ᠪᠦᠷᠢᠨ ᠴᠢᠯᠦᠭᠡᠯᠡᠨ᠎ᠡ᠃

ᠰᠠᠢᠨ ᠲᠡᠵᠢᠭᠡᠯ ᠠᠷᠠᠴᠢᠯᠠᠭ᠎ᠠ ᠮᠠᠯᠯᠠᠭ᠎ᠠ ᠲᠠᠢ ᠨᠥᠬᠥᠴᠡᠯ ᠳᠦ ᠥᠰᠪᠦᠷᠢ ᠠᠳᠤᠭᠤ 1.5 ᠨᠠᠰᠤᠨ ᠳᠠᠭᠠᠨ ᠦᠷ᠎ᠡ ᠲᠣᠭᠲᠠᠭᠠᠬᠤ ᠴᠢᠳᠠᠪᠤᠷᠢᠲᠠᠢ ᠪᠣᠯᠳᠠᠭ ᠪᠣᠯᠪᠠᠴᠤ ᠡᠨᠡ ᠦᠶ᠎ᠡ ᠳᠦ ᠬᠡᠭᠡᠯᠲᠦᠭᠦᠯᠭᠡ ᠳᠦ ᠣᠷᠣᠭᠤᠯᠪᠠᠯ ᠠᠵᠢᠷᠭ᠎ᠠ ᠭᠡᠭᠦᠦ ᠶᠢᠨ ᠪᠡᠶ᠎ᠡ ᠮᠠᠬᠠᠪᠤᠳ ᠤᠨ ᠥᠰᠥᠯᠲᠡ ᠬᠥᠭᠵᠢᠯᠲᠡ᠂ ᠲᠥᠯ ᠦᠨ ᠴᠢᠨᠠᠷ ᠳᠤᠷᠤᠢᠢᠳᠠᠵᠦ ᠳᠠᠪᠵᠠᠷᠠᠳᠠᠭ᠃

ᠢᠢ᠌ᠮᠦ ᠡᠴᠡ ᠥᠰᠪᠦᠷᠢ ᠠᠳᠤᠭᠤ ᠶᠢ ᠨᠠᠰᠤ ᠪᠡᠶ᠎ᠡ ᠭᠦᠢᠴᠡᠭᠰᠡᠨ ᠦᠶ᠎ᠡ ᠳᠦ ᠪᠤᠶᠤ 3 ᠨᠠᠰᠤᠨ ᠠᠴᠠ ᠨᠢ ᠬᠡᠭᠡᠯᠲᠦᠭᠦᠯᠭᠡ ᠳᠦ ᠣᠷᠣᠭᠤᠯᠤᠨ᠎ᠠ᠃ ᠭᠡᠭᠦᠦ 4-13 ᠨᠠᠰᠤᠲᠠᠢ ᠳ᠋ᠦ ᠪᠡᠨ ᠬᠡᠭᠡᠯ ᠠᠪᠤᠯᠲᠠ ᠪᠠᠷ ᠬᠠᠮᠤᠭ ᠤᠨ ᠰᠠᠢᠢᠨ ᠪᠠᠢᠢᠳᠠᠭ ᠃  ᠰᠠᠢᠨ ᠠᠷᠠᠴᠢᠯᠠᠭ᠎ᠠ ᠮᠠᠯᠯᠠᠭ᠎ᠠ ᠲᠡᠵᠢᠭᠡᠯᠯᠢᠭ ᠲᠡᠢ ᠪᠠᠢᠢᠭᠰᠠᠨ ᠠᠵᠢᠷᠭ᠎ᠠ ᠭᠡᠭᠦᠦ ᠶᠢᠨ ᠣᠷᠣᠭ᠎ᠠ ᠵᠢᠯ ᠦᠨ ᠠᠯᠢ ᠴᠤ ᠤᠯᠠᠷᠢᠯ ᠳᠤ ᠢᠯᠡᠷᠡᠬᠦ ᠪᠣᠯᠪᠠᠴᠤ ᠪᠡᠯᠴᠢᠭᠡᠷ ᠦᠨ ᠨᠥᠬᠥᠴᠡᠯ ᠳᠦ ᠪᠠᠢᠭ᠎ᠠ ᠠᠳᠤᠭᠤᠨ ᠰᠦᠷᠦᠭ ᠦᠨ ᠣᠷᠣᠭ᠎ᠠ 5-7 ᠰᠠᠷ᠎ᠠ ᠳᠤ ᠡᠷᠴᠢᠮᠲᠡᠢ ᠢᠯᠡᠷᠡᠵᠦ ᠬᠡᠭᠡᠯ ᠠᠪᠤᠨ᠎ᠠ᠃ ᠭᠡᠭᠦᠦ ᠤᠨᠠᠭᠠᠯᠠᠭᠰᠠᠨ ᠤ ᠳᠠᠷᠠᠭ᠎ᠠ 7-10 ᠬᠣᠨᠣᠭ ᠳᠡᠭᠡᠷ᠎ᠡ ᠪᠡᠨ ᠣᠷᠣᠭ᠎ᠠ ᠨᠢ ᠢᠯᠡᠷᠡᠵᠦ ᠬᠡᠭᠡᠯ ᠠᠪᠬᠤ ᠪᠣᠯᠣᠮᠵᠢᠲᠠᠢ ᠪᠣᠯᠳᠠᠭ᠃ ᠡᠨᠡ ᠦᠶ᠎ᠡ ᠳᠦ ᠬᠡᠭᠡᠯ ᠠᠪᠬᠠᠭᠤᠯᠵᠤ ᠴᠢᠳᠠᠬᠤ ᠦᠭᠡᠢ ᠥᠩᠭᠡᠷᠡᠪᠡᠯ ᠳᠠᠷᠠᠭ᠎ᠠ ᠶᠢᠨ 21 ᠬᠣᠨᠣᠭ ᠲᠤ ᠳᠠᠬᠢᠨ ᠬᠡᠭᠡᠯᠲᠦᠭᠦᠯᠭᠡ ᠳᠦ ᠣᠷᠣᠭᠤᠯᠪᠠᠯ ᠵᠣᠬᠢᠨ᠎ᠠ᠃ ᠭᠡᠭᠦᠦ ᠶᠢᠨ ᠣᠷᠣᠭ᠎ᠠ 5-7 ᠬᠣᠨᠣᠭ ᠵᠠᠷᠢᠮ ᠳ᠋ᠦ ᠪᠡᠨ 15 ᠬᠣᠨᠣᠭ ᠦᠷᠭᠦᠯᠵᠢᠯᠡᠨ᠎ᠡ᠃

ᠭᠡᠭᠦᠦ ᠶᠢᠨ ᠥᠨᠳᠡᠭᠡᠨ ᠡᠰ ᠣᠷᠣᠭ᠎ᠠ ᠶᠢᠨ ᠲᠡᠭᠦᠰᠬᠡᠯ ᠡᠴᠡ 1-2 ᠬᠣᠨᠣᠭ ᠤᠨ ᠡᠮᠦᠨ᠎ᠡ ᠭᠠᠳᠠᠭᠰᠢᠯᠠᠨ᠎ᠠ᠃ ᠶᠡᠬᠡᠩᠬᠢ ᠭᠡᠭᠦᠦ ᠶᠢᠨ ᠬᠡᠭᠡᠯ ᠠᠪᠬᠤ ᠪᠣᠯᠣᠮᠵᠢᠲᠠᠢ ᠬᠤᠭᠤᠴᠠᠭ᠎ᠠ ᠨᠢ ᠲᠦᠷᠦᠭᠦᠴᠢ ᠶᠢᠨ ᠣᠷᠣᠭ᠎ᠠ ᠠᠴᠠ ᠬᠤᠢᠢᠰᠢ 16-22 ᠬᠣᠨᠣᠭ ᠶᠤᠮ᠃ ᠭᠡᠭᠦᠦ ᠶᠢ ᠬᠡᠭᠡᠯ ᠠᠪᠬᠠᠭᠤᠯᠬᠤ ᠳᠤ ᠭᠡᠭᠦᠦ ᠶᠢᠨ ᠣᠷᠣᠭ᠎ᠠ ᠡᠬᠢᠯᠡᠭᠰᠡᠨ ᠡᠴᠡ ᠬᠤᠢᠢᠰᠢ 24-36 ᠴᠠᠭ ᠲᠤᠲᠤᠮ ᠳᠤ ᠠᠵᠢᠷᠭ᠎ᠠ ᠭᠢᠰᠬᠢᠭᠦᠯᠵᠦ ᠪᠠᠢᠬᠤ ᠶᠠᠪᠤᠳᠠᠯ ᠮᠥᠨ᠃ ᠭᠡᠭᠦᠦ ᠶᠢᠨ ᠣᠷᠣᠭ᠎ᠠ ᠢᠯᠡᠷᠡᠵᠦ ᠪᠠᠢᠢᠭ᠎ᠠ ᠨᠢ ᠨᠡᠯᠢᠶᠡᠳ ᠲᠣᠳᠣᠷᠬᠠᠢ ᠰᠢᠨᠵᠢ ᠪᠡᠷ ᠢᠯᠡᠷᠡᠳᠡᠭ᠃ ᠭᠡᠭᠦᠦ ᠶᠢᠨ ᠣᠷᠣᠭ᠎ᠠ ᠶᠢᠨ ᠦᠶ᠎ᠡ ᠳᠦ ᠪᠡᠯᠭᠡ ᠡᠷᠬᠡᠲᠡᠨ ᠨᠢ  ᠪᠠᠮᠪᠠᠢᠢᠵᠦ ᠤᠯᠠᠢᠢᠵᠦ ᠂ ᠲᠤᠩᠭᠠᠯᠠᠭ ᠰᠠᠯᠢᠰᠤ ᠭᠣᠭᠣᠵᠢᠵᠤ ᠂ ᠠᠵᠢᠷᠭ᠎ᠠ ᠤᠢᠢᠷᠠᠳᠬᠤ ᠳᠤ ᠲᠣᠭᠲᠠᠪᠤᠷᠢᠲᠠᠢ ᠵᠣᠭᠰᠣᠨ᠎ᠠ᠃ ᠠᠩᠬ᠎ᠠ ᠬᠡᠭᠡᠯᠲᠦᠭᠦᠯᠭᠡ  ᠳᠦ ᠣᠷᠣᠵᠤ ᠪᠠᠢᠭ᠎ᠠ ᠪᠠᠢᠢᠳᠠᠰᠤ ᠠᠵᠢᠷᠭ᠎ᠠ ᠠᠴᠠ ᠵᠢᠭᠤᠳᠠᠳᠠᠭ ᠶᠠᠪᠤᠳᠠᠯ ᠭᠠᠷᠤᠨ᠎ᠠ᠃

ᠵᠤᠨ ᠤ ᠤᠯᠠᠷᠢᠯ ᠳᠦ ᠠᠳᠤᠭᠤᠴᠢᠨ ᠬᠦᠮᠦᠨ ᠭᠡᠭᠦᠦ ᠪᠠᠷᠢᠬᠤ ᠦᠶ᠎ᠡ  ᠪᠡᠷ ᠵᠡᠯ᠎ᠡ ᠳᠡᠭᠡᠷ᠎ᠡ ᠭᠡᠭᠦᠦ ᠰᠠᠷᠨᠢᠵᠤ ᠥᠭᠡᠷ᠎ᠡ ᠠᠵᠢᠷᠭ᠎ᠠ ᠭᠢᠰᠬᠢᠵᠦ ᠬᠡᠭᠡᠯ ᠴᠤᠴᠠᠷᠠᠬᠤ ᠶᠠᠪᠤᠳᠠᠯ ᠭᠠᠷᠳᠠᠭ ᠢ ᠠᠩᠬᠠᠷᠴᠤ᠂ ᠬᠡᠭᠡᠯ ᠠᠪᠤᠪᠠᠯ ᠵᠣᠬᠢᠬᠤ ᠭᠡᠭᠦᠦ ᠪᠡᠨ ᠪᠦᠷᠢᠨ ᠬᠡᠭᠡᠯ ᠠᠪᠴᠤ ᠪᠠᠢᠢᠭ᠎ᠠ ᠡᠰᠡᠬᠦ ᠶᠢ ᠭᠡᠭᠦᠦ ᠬᠡᠭᠡᠯᠲᠦᠭᠦᠯᠭᠡ ᠶᠢᠨ ᠿᠤᠷᠨᠠᠯ ᠢᠶᠠᠷ ᠪᠠᠢᠢᠩᠭᠤ ᠶᠢᠨ ᠬᠢᠨᠠᠯᠲᠠ ᠲᠠᠯᠪᠢᠵᠤ ᠠᠵᠢᠯᠯᠠᠪᠠᠯ ᠵᠣᠬᠢᠨ᠎ᠠ᠃ ᠬᠡᠭᠡᠯᠲᠦᠭᠦᠯᠭᠡ ᠶᠢᠨ ᠦᠶ᠎ᠡ  ᠳᠦ ᠠᠳᠤᠭᠤ ᠶᠢ ᠣᠯᠠᠨ ᠢᠶᠠᠷ ᠨᠢ ᠪᠥᠭᠡᠮᠨᠡᠭᠦᠯᠵᠦ ᠴᠤᠭᠯᠠᠭᠤᠯᠬᠤ᠂  ᠬᠣᠯᠠ ᠲᠠᠭᠤᠵᠤ᠂ ᠬᠥᠭᠡᠭᠡᠵᠦ ᠡᠯᠳᠡᠬᠦ ᠶᠢ ᠴᠡᠭᠡᠷᠯᠡᠳᠡᠭ᠃ ᠠᠵᠢᠷᠭ᠎ᠠ ᠳᠦ ᠭᠠᠷᠤᠭᠰᠠᠨ ᠭᠡᠭᠦᠦ ᠭᠡᠳᠡᠰᠦ ᠲᠠᠯᠪᠢᠵᠤ ᠲᠠᠷᠭᠤᠯᠠᠬᠤ ᠶᠡᠷᠦ  ᠪᠤᠰᠤ ᠶᠢᠨ ᠲᠠᠢᠪᠤᠩ ᠪᠣᠯᠬᠤ ᠰᠢᠨᠵᠢ ᠲᠡᠮᠳᠡᠭ ᠦᠵᠡᠭᠦᠯᠦᠨ᠎ᠡ᠃