ᠲᠡᠷᠢᠭᠦᠨ ᠨᠢᠭᠤᠷ > ᠠᠳᠤᠭᠤ ᠮᠠᠯᠯᠠᠬᠤ ᠤᠬᠠᠭᠠᠨ > ᠠᠷᠠᠴᠢᠯᠠᠭ᠎ᠡ ᠮᠠᠯᠯᠠᠭ᠎ᠡ
   
ᠵ   
2019-08-14

ᠠᠳᠤᠭᠤᠨ ᠰᠦᠷᠦᠭ ᠮᠠᠯᠯᠠᠭᠴᠢ ᠬᠦᠮᠦᠰ ᠲᠦ ᠬᠥᠳᠡᠯᠮᠦᠷᠢ ᠶᠢᠨ ᠠᠶᠦᠯ ᠦᠭᠡᠢ ᠪᠠᠢᠢᠳᠠᠯ ᠢᠶᠠᠷ ᠠᠵᠢᠯᠯᠠᠬᠤ ᠲᠠᠯ᠎ᠠ ᠪᠠᠷ ᠠᠩᠬᠠᠷᠬᠤ ᠵᠦᠢᠯ ᠭᠡᠪᠡᠯ᠂ ᠠᠳᠤᠭᠤ ᠶᠢ ᠨᠣᠮᠣᠬᠠᠨ ᠪᠣᠯᠭᠠᠬᠤ ᠳᠤ ᠬᠠᠮᠤᠭ ᠤᠨ ᠲᠦᠷᠦᠭᠦᠨ ᠳᠦ ᠠᠩᠬᠠᠷᠪᠠᠯ ᠵᠣᠬᠢᠬᠤ ᠵᠦᠢᠯ ᠪᠣᠯ ᠬᠠᠪᠤᠷ ᠨᠣᠭᠣᠭᠠᠨ ᠳᠤ ᠠᠳᠤᠭᠤ ᠴᠠᠳᠤᠭᠰᠠᠨ ᠦᠶ᠎ᠡ ᠳᠦ ᠳᠠᠭ᠎ᠠ ᠶᠢ ᠰᠤᠷᠭᠠᠬᠤ ᠶᠠᠪᠤᠳᠠᠯ ᠶᠤᠮ᠃

ᠳᠠᠭ᠎ᠠ ᠶᠢ ᠰᠤᠷᠭᠠᠬᠤ ᠳ᠋ᠦ ᠪᠡᠨ ᠂ ᠠᠯᠢ ᠪᠣᠯᠬᠤ ᠵᠥᠭᠡᠯᠡᠨ ᠬᠠᠨᠳᠤᠵᠤ ᠡᠮᠡᠭᠡᠯ ᠦᠭᠡᠢ ᠵᠠᠢᠢᠳᠠᠩ ᠳᠠᠷᠠᠭ᠎ᠠ ᠨᠢ ᠲᠠᠭᠠᠷᠠᠭᠰᠠᠨ ᠡᠮᠡᠭᠡᠯ ᠲᠡᠢ ᠤᠨᠤᠵᠤ ᠰᠤᠷᠭᠠᠬᠤ ᠬᠡᠷᠡᠭᠲᠡᠢ᠃

ᠮᠠᠨ ᠤ ᠬᠠᠰᠢᠷ ᠠᠳᠤᠭᠤᠴᠢᠳ ᠤᠨ ᠰᠤᠷᠭᠠᠯ ᠢᠶᠠᠷ《 ᠰᠠᠢᠢᠨ ᠮᠣᠷᠢᠲᠠᠢ ᠪᠣᠯᠣᠶ᠎ᠠ ᠭᠡᠪᠡᠯ ᠳᠠᠭ᠎ᠠ ᠳᠤ ᠨᠢ ᠳᠠᠪᠲᠠ᠂ ᠰᠢᠳᠦᠯᠡᠩ ᠳᠦ ᠨᠢ ᠰᠢᠲᠦ》ᠭᠡᠳᠡᠭ ᠦᠭᠡ ᠶᠢ ᠠᠳᠤᠭᠤᠴᠢᠨ ᠬᠡᠨ ᠪᠣᠯᠪᠠᠴᠤ ᠰᠠᠨᠠᠵᠤ ᠠᠵᠢᠯᠯᠠᠬᠤ ᠨᠢ ᠵᠦᠢᠲᠡᠢ᠃ 

ᠠᠳᠤᠭᠤᠴᠢᠨ ᠬᠦᠮᠦᠨ ᠦ ᠤᠷᠭ᠎ᠠ ᠤᠷᠲᠤ᠂ ᠬᠤᠢᠢᠪᠢ ᠴᠡᠭᠡᠯ᠂ ᠪᠥᠬᠡ᠂ ᠨᠣᠭᠲᠣ ᠴᠢᠳᠦᠷ᠂ ᠪᠣᠭᠣᠴᠠᠭ᠎ᠠ ᠪᠠᠲᠦ  ᠪᠡᠬᠢ ᠡᠮᠡᠭᠡᠯ ᠦᠨ ᠣᠯᠣᠩ ᠵᠢᠷᠢᠮ  ᠭᠠᠨᠵᠤᠭ᠎ᠠ᠂ ᠳᠥᠷᠥᠭᠡᠨ ᠰᠤᠷ ᠬᠠᠵᠠᠭᠠᠷ ᠤᠨ ᠵᠢᠯᠣᠭᠣ ᠵᠡᠷᠭᠡ ᠨᠢ ᠮᠠᠰᠢ ᠪᠠᠲᠦ ᠪᠡᠬᠢ ᠰᠠᠢᠢᠨ ᠪᠠᠢᠢᠬᠤ ᠨᠢ ᠠᠳᠤᠭᠤᠴᠢᠨ ᠬᠦᠮᠦᠨ ᠦ ᠠᠶᠤᠯ ᠦᠭᠡᠢ ᠪᠠᠢᠢᠳᠠᠯ ᠢ ᠬᠠᠩᠭᠠᠳᠠᠭ ᠶᠤᠮ᠃

ᠠᠳᠤᠭᠤᠴᠢᠨ ᠬᠡᠨ ᠪᠣᠯᠪᠠᠴᠤ ᠮᠣᠷᠢ ᠤᠷᠭᠠᠯᠠᠬᠤ ᠳᠤ ᠪᠠᠨ ᠤᠷᠭ᠎ᠠ ᠶᠢᠨ ᠰᠤᠷᠮᠠᠭ ᠮᠣᠷᠢ ᠪᠠᠷ ᠪᠠᠷᠲᠠᠭ᠎ᠠ ᠦᠭᠡᠢ ᠭᠠᠵᠠᠷ ᠤᠷᠭᠠᠯᠠᠬᠤ᠂ ᠨᠣᠭᠲᠣᠯᠠᠬᠤ᠂ ᠴᠢᠳᠦᠷᠯᠡᠬᠦ᠂ ᠲᠤᠰᠢᠬᠤ ᠳᠤ ᠪᠠᠨ ᠰᠠᠮᠤᠷᠬᠤ ᠢᠰᠬᠦᠯᠬᠦ ᠡᠴᠡ ᠪᠣᠯᠭᠣᠮᠵᠢᠯᠠᠬᠤ ᠬᠡᠷᠡᠭᠲᠡᠢ᠃ ᠭᠣᠣᠯ ᠤᠰᠤ ᠪᠠᠷ ᠭᠠᠷᠬᠤ ᠳᠤ ᠪᠠᠨ ᠮᠣᠷᠢ ᠶᠢ ᠠᠮᠠᠭᠠᠢᠢᠪᠴᠢᠯᠠᠨ ᠣᠯᠣᠩ ᠢᠶᠠᠨ ᠴᠢᠩᠭᠠᠯᠠᠵᠤ ᠵᠠᠪᠠᠯ  ᠭᠠᠷᠤᠮ ᠢᠶᠠᠷ ᠭᠠᠷᠴᠤ ᠪᠠᠢᠬᠤ ᠨᠢ ᠵᠦᠢᠲᠡᠢ᠃

ᠠᠳᠤᠭᠤᠴᠢᠳ ᠴᠠᠭ ᠠᠭᠠᠷ ᠤᠨ ᠤᠷᠢᠳᠴᠢᠯᠠᠭᠰᠠᠨ ᠮᠡᠳᠡᠭᠡ ᠳᠦ ᠲᠣᠭᠲᠠᠮᠠᠯ ᠰᠣᠨᠣᠰᠴᠤ ᠂ ᠡᠪᠦᠯ ᠦᠨ ᠣᠲᠣᠷ ᠲᠤ ᠶᠠᠪᠤᠬᠤ ᠳᠤ ᠪᠠᠨ ᠳᠤᠯᠠᠭᠠᠨ ᠬᠤᠪᠴᠠᠰᠤ ᠂ ᠴᠦᠢᠳᠡᠩ᠂ ᠴᠢᠨᠠᠷᠲᠠᠢ  ᠬᠦᠨᠡᠰᠦ᠂ ᠬᠣᠭᠣᠯᠠᠨ ᠤ ᠪᠡᠯᠡᠳᠬᠡᠯ ᠲᠡᠢ ᠶᠠᠪᠤᠪᠠᠯ ᠵᠣᠬᠢᠨ᠎ᠠ᠃ ᠬᠥᠳᠡᠭᠡ ᠠᠵᠤ ᠠᠬᠤᠢ ᠶᠢᠨ ᠨᠢᠭᠡᠳᠦᠯ ᠪᠦᠷᠢ ᠠᠳᠤᠭᠤᠴᠢᠳ ᠲᠤ ᠬᠥᠳᠡᠯᠮᠦᠷᠢ ᠬᠠᠮᠠᠭᠠᠯᠠᠯ ᠤᠨ ᠳᠣᠣᠷᠠᠬᠢ ᠬᠤᠪᠴᠠᠰᠤ ᠶᠢ ᠦᠨ᠎ᠡ ᠲᠥᠯᠥᠪᠦᠷᠢ ᠦᠭᠡᠢ ᠥᠭᠭᠦᠨ᠎ᠡ᠃ ᠡᠭᠦᠨ ᠳᠦ ᠢᠰᠡᠭᠡᠢ ᠭᠤᠲᠤᠯ  24  ᠰᠠᠷ᠎ᠠ ᠪᠠᠷ᠂ ᠠᠵᠢᠯ ᠤᠨ ᠭᠤᠲᠤᠯ 24  ᠰᠠᠷ᠎ᠠ ᠪᠠᠷ᠂  ᠪᠷᠸ‌‍ᠽᠢᠨ᠋ᠲ ᠴᠤᠪᠠ 48  ᠰᠠᠷ᠎ᠠ ᠪᠠᠷ ᠡᠪᠦᠯ ᠦᠨ ᠣᠲᠣᠷ ᠲᠤ ᠶᠠᠪᠤᠬᠤ ᠠᠳᠤᠭᠤᠴᠢᠳ ᠲᠤ  ᠳᠠᠬᠤ ᠳᠡᠭᠲᠡᠢ ᠶᠢ 36  ᠰᠠᠷ᠎ᠠ ᠪᠠᠷ᠂ ᠭᠡᠭᠦᠦ ᠶᠢᠨ ᠰᠠᠭᠠᠯᠢᠴᠢᠳ ᠲᠤ ᠳᠠᠪᠤᠤ ᠬᠠᠯᠠᠳ᠋ 2  ᠡᠭᠡᠯᠵᠢ ᠪᠡᠷ 12  ᠰᠠᠷ᠎ᠠ ᠪᠠᠷ ᠡᠳ᠋ᠯᠡᠬᠦ ᠬᠤᠭᠤᠴᠠᠭ᠎ᠠ ᠲᠠᠢ ᠣᠯᠭᠣᠨ᠎ᠠ᠃

ᠠᠳᠤᠭᠤ ᠶᠢ ᠤᠷᠭᠠᠯᠠᠬᠤ ᠳᠤ ᠪᠠᠨ ᠤᠷᠭ᠎ᠠ ᠶᠢᠨ ᠪᠢᠰᠢ ᠮᠣᠷᠢ ᠪᠠᠷ ᠤᠷᠭᠠᠯᠠᠭᠰᠠᠨ ᠢᠶᠠᠷ ᠂ ᠤᠨᠤᠭᠰᠠᠨ ᠮᠣᠷᠢ ᠨᠢ ᠪᠦᠳᠦᠷᠢᠵᠦ ᠤᠨᠠᠭᠰᠠᠨ ᠠᠴᠠ᠂ ᠠᠳᠤᠭᠤᠨ ᠤ ᠬᠢᠯᠭᠠᠰᠤ ᠬᠥᠭᠡᠪᠦᠷ ᠠᠪᠬᠤ ᠦᠶ᠎ᠡ ᠳᠤ ᠪᠠᠨ ᠬᠠᠰᠢᠶ᠎ᠠ ᠮᠤᠬᠤᠷ ᠡᠷᠭᠢ ᠳᠦ ᠠᠳᠤᠭᠤ ᠪᠠᠨ ᠬᠠᠰᠢᠵᠤ ᠵᠠᠢ ᠮᠠᠭᠤᠲᠠᠢ ᠭᠠᠵᠠᠷ ᠠᠳᠤᠭᠤ ᠪᠤᠭᠤᠢᠢᠯᠢᠳᠠᠵᠦ ᠲᠡᠷᠡ ᠨᠢ ᠬᠦᠮᠦᠨ ᠳᠠᠭᠠᠷᠢᠭᠰᠠᠨ ᠠᠴᠠ᠂ ᠪᠠᠷᠲᠠᠭᠠᠲᠠᠢ ᠭᠠᠵᠠᠷ ᠮᠣᠷᠢ ᠶᠠᠪᠤᠭᠠᠨ ᠤᠷᠭᠠᠯᠠᠬᠤ᠂ ᠰᠠᠭᠠᠯᠢᠴᠢᠳ ᠭᠡᠭᠦᠦ ᠳᠦ ᠢᠰᠬᠦᠯᠦᠭᠦᠯᠬᠦ ᠂ ᠠᠳᠤᠭᠤᠨ ᠤ ᠬᠦᠵᠦᠭᠦᠥ ᠪᠡᠷ ᠬᠤᠷᠤᠭᠤ  ᠪᠠᠨ ᠰᠠᠯᠠᠭᠠᠪᠴᠢᠯᠠᠨ ᠬᠦᠵᠦᠭᠦᠳᠡᠬᠦ ᠂ ᠳᠥᠷᠥᠭᠡᠨ ᠦ ᠣᠭᠣᠰᠣᠷ ᠤᠷᠲᠤᠳᠠᠭᠰᠠᠨ ᠠᠴᠠ ᠭᠤᠲᠤᠯ ᠳᠥᠷᠥᠭᠡᠨ ᠳᠦ ᠣᠷᠣᠬᠤ ᠴᠤᠯᠪᠤᠭᠤᠷ ᠭᠠᠷ ᠣᠷᠢᠶᠠᠭᠰᠠᠨ ᠠᠴᠠ ᠮᠣᠷᠢ ᠵᠤᠯᠠᠷᠠᠬᠤ ᠳᠤ ᠴᠢᠷᠦᠭᠳᠡᠬᠦ ᠂ ᠮᠣᠷᠢᠨ ᠳᠤ ᠠᠴᠢᠶ᠎ᠠ ᠭᠠᠨᠵᠤᠭᠠᠯᠠᠭ᠎ᠠ ᠶᠢ ᠪᠤᠷᠤᠭᠤ ᠠᠴᠢᠭᠰᠠᠨ ᠪᠤᠶᠤ ᠮᠠᠭᠤ ᠪᠡᠬᠢᠯᠡᠭᠰᠡᠨ ᠡᠴᠡ ᠮᠣᠷᠢ ᠦᠷᠭᠦᠵᠦ ᠬᠤᠯᠵᠢᠭᠠᠬᠤ᠂ ᠡᠮᠨᠡᠭ ᠢ ᠡᠪ ᠦᠭᠡᠢ ᠭᠠᠵᠠᠷ ᠡᠬᠢᠯᠡᠵᠦ ᠮᠣᠷᠳᠠᠭᠰᠠᠨ ᠠᠴᠠ ᠨᠦᠬᠡ ᠵᠢᠯᠠᠭ᠎ᠠ ᠳᠤ ᠤᠨᠠᠬᠤ ᠵᠡᠷᠭᠡ ᠣᠯᠠᠨ ᠰᠢᠯᠲᠠᠭᠠᠨ ᠢᠶᠠᠷ ᠦᠢᠯᠡᠳᠪᠦᠷᠢᠯᠡᠯ ᠠᠵᠢᠯ ᠠᠬᠤᠢ ᠶᠢᠨ ᠣᠰᠣᠯ ᠳᠤ ᠣᠷᠣᠵᠤ ᠪᠣᠯᠵᠣᠰᠢ ᠦᠭᠡᠢ ᠶᠢ ᠠᠳᠤᠭᠤᠴᠢᠳ ᠢᠮᠠᠭᠲᠠ ᠰᠠᠨᠠᠵᠤ ᠠᠵᠢᠯᠯᠠᠬᠤ ᠬᠡᠷᠡᠭᠲᠡᠢ᠃