ᠲᠡᠷᠢᠭᠦᠨ ᠨᠢᠭᠤᠷ > ᠠᠳᠤᠭᠤ ᠮᠠᠯᠯᠠᠬᠤ ᠤᠬᠠᠭᠠᠨ > ᠠᠷᠠᠴᠢᠯᠠᠭ᠎ᠡ ᠮᠠᠯᠯᠠᠭ᠎ᠡ
   
ᠵ   
2019-08-19

ᠠᠳᠤᠭᠤ ᠶᠢ ᠡᠳ᠋ᠯᠡᠭᠡ ᠳᠦ ᠰᠤᠷᠭᠠᠬᠤ ᠶᠠᠪᠤᠳᠠᠯ ᠵᠢᠯ ᠪᠦᠷᠢ ᠭᠡᠭᠦᠦ ᠪᠡᠨ ᠪᠠᠷᠢᠵᠤ ᠤᠶᠠᠭᠠᠨ ᠳᠤ ᠨᠢ ᠨᠣᠮᠣᠬᠠᠷᠠᠭᠤᠯᠬᠤ ᠠᠴᠠ ᠡᠬᠢᠯᠡᠨ᠎ᠡ᠃ ᠨᠢᠭᠡᠨᠲᠡ ᠤᠶᠠᠭᠠᠨ ᠳᠤ ᠨᠣᠮᠣᠬᠠᠷᠠᠭᠰᠠᠨ ᠤᠨᠤᠭ᠎ᠠ ᠪᠠᠨ ᠳᠠᠭ᠎ᠠ ᠳᠤ ᠨᠢ  ᠪᠦᠷᠢᠨ ᠰᠤᠷᠭᠠᠭᠠᠳ ᠰᠢᠳᠦᠯᠡᠩ ᠨᠠᠰᠤᠨ ᠳᠤ ᠨᠢ ᠵᠥᠭᠡᠯᠡᠨ ᠡᠳ᠋ᠯᠡᠵᠦ ᠡᠳ᠋ᠯᠡᠭᠡ ᠳᠦ ᠳᠠᠰᠬᠠᠪᠠᠯ ᠨᠢᠭᠡᠳᠦᠯ ᠪᠦᠷᠢ ᠡᠮᠨᠢᠭ ᠬᠠᠩᠭᠠᠯ ᠦᠭᠡᠢ ᠪᠣᠯᠣᠨ᠎ᠠ᠃ ᠠᠳᠤᠭᠤ ᠶᠢ ᠳᠠᠭ᠎ᠠ ᠠᠴᠠ ᠨᠢ ᠡᠬᠢᠯᠡᠵᠦ ᠰᠤᠷᠭᠠᠪᠠᠯ ᠡᠮᠨᠢᠭ ᠰᠤᠷᠭᠠᠬᠤ ᠳᠤ ᠬᠦᠴᠦ ᠬᠥᠳᠡᠯᠮᠦᠷᠢ ᠪᠠᠭ᠎ᠠ ᠵᠠᠷᠤᠴᠠᠭᠤᠯᠬᠤ ᠠᠴᠠ ᠭᠠᠳᠠᠨ᠎ᠠ ᠡᠳ᠋ᠯᠡᠭᠡ ᠳᠦ ᠰᠤᠷᠴᠤ ᠪᠤᠢ ᠠᠳᠤᠭᠤ ᠵᠦᠭᠰᠢᠷᠡᠬᠦ ᠨᠢ ᠰᠠᠢᠢᠨ ᠭᠡᠰᠡᠨ ᠦᠭᠡ ᠶᠤᠮ᠃ ᠡᠮᠨᠢᠭ ᠰᠤᠷᠭᠠᠬᠤ ᠳᠤ ᠬᠡᠲᠦ ᠰᠢᠷᠦᠭᠦᠨ ᠣᠯᠠᠨ ᠳᠠᠬᠢᠨ ᠴᠢᠬᠢᠳᠡᠬᠦ᠂ ᠴᠣᠷᠪᠣᠳᠠᠬᠤ᠂ ᠭᠤᠶᠠᠳᠠᠬᠤ᠂ ᠪᠣᠭᠣᠴᠢᠬᠤ᠂ ᠬᠤᠢᠢᠪᠢ ᠪᠤᠭᠤᠢᠢᠯᠢ ᠪᠠᠷ ᠪᠣᠭᠣᠯᠭᠠᠬᠤ ᠨᠢ ᠲᠣᠬᠢᠷᠠᠮᠵᠢ ᠦᠭᠡᠢ᠃ ᠡᠨᠡ ᠨᠢ ᠭᠣᠣᠯ ᠲᠥᠯᠥᠪ ᠠᠳᠤᠭᠤ ᠶᠢ ᠳᠠᠭ᠎ᠠ ᠳᠤ ᠰᠤᠷᠭᠠᠬᠤ ᠦᠭᠡᠢ ᠶᠠᠪᠤᠭᠰᠠᠭᠠᠷ ᠬᠠᠩᠭᠠᠯ ᠪᠣᠯᠭᠠᠵᠤ ᠳᠡᠢᠢᠯᠬᠦ ᠶᠢᠨ ᠡᠷᠬᠡ ᠪᠡᠷ ᠬᠡᠷᠡᠭᠯᠡᠵᠦ ᠪᠠᠢᠭ᠎ᠠ ᠠᠷᠭ᠎ᠠ ᠪᠥᠭᠡᠳ ᠲᠡᠢᠢᠮᠦ ᠵᠠᠮ  ᠢᠶᠠᠷ ᠰᠤᠷᠭᠠᠭᠰᠠᠨ ᠠᠳᠤᠭᠤ ᠠᠷᠳᠠᠭ ᠳᠣᠭᠰᠢᠨ ᠣᠷᠣᠭ᠎ᠠ ᠵᠢᠭᠰᠢᠮᠡᠲᠡᠭᠡᠢ ᠂ ᠲᠣᠯᠣᠭᠠᠢ ᠳᠤ ᠪᠠᠨ ᠬᠣᠷᠢᠭ ᠳᠠᠯᠳᠢᠷᠠᠮᠠᠲᠠᠭᠠᠢ᠂ ᠪᠤᠰᠬᠠᠮᠠᠬᠠᠢ ᠪᠣᠯᠬᠤ ᠲᠡᠳᠦᠢ ᠦᠭᠡᠢ ᠬᠠᠵᠠᠬᠤ᠂ ᠢᠰᠬᠦᠯᠬᠦ ᠵᠡᠷᠭᠡ ᠮᠠᠭᠤ ᠵᠠᠩᠲᠠᠢ ᠪᠣᠯᠳᠠᠭ᠃ ᠡᠨᠡ ᠤᠴᠢᠷ ᠠᠴᠠ ᠠᠳᠤᠭᠤ ᠶᠢ ᠵᠠᠪᠠᠯ ᠳᠠᠭ᠎ᠠ ᠳᠤ ᠨᠢ ᠰᠤᠷᠭᠠᠬᠤ ᠬᠡᠷᠡᠭᠲᠡᠢ᠃

ᠳᠠᠭ᠎ᠠ ᠶᠢ ᠮᠢᠬᠠᠯᠠᠵᠤ ᠲᠠᠷᠭᠤᠯᠠᠬᠤ ᠠᠴᠠ ᠨᠢ ᠡᠮᠦᠨ᠎ᠡ ᠬᠠᠪᠤᠷ ᠠᠭᠢ ᠨᠢᠳᠦᠯᠡᠵᠦ ᠬᠥᠭᠡᠪᠦᠷ ᠳᠠᠭᠠᠬᠢ ᠨᠢ ᠤᠨᠠᠵᠤ ᠡᠬᠢᠯᠡᠬᠦ ᠦᠶ᠎ᠡ ᠳᠦ ᠵᠥᠭᠡᠯᠡᠨ ᠠᠷᠭ᠎ᠠ ᠪᠠᠷ ᠤᠨᠤᠵᠤ ᠨᠣᠮᠣᠬᠠᠷᠠᠭᠤᠯᠪᠠᠯ ᠵᠣᠬᠢᠨ᠎ᠠ᠃ ᠳᠠᠭ᠎ᠠ ᠶᠢ ᠬᠡᠲᠦ ᠳᠠᠪᠬᠢᠭᠤᠯᠵᠤ ᠪᠣᠭᠰᠢᠭᠠᠬᠤ᠂ ᠭᠠᠵᠠᠷ ᠤᠨ ᠤᠷᠤᠭᠤ ᠳᠠᠪᠬᠢᠵᠤ ᠴᠡᠭᠡᠵᠢ ᠶᠢ ᠨᠢ ᠠᠪᠬᠤ᠂ ᠬᠥᠯ ᠢ ᠨᠢ ᠴᠢᠳᠦᠷ  ᠢᠶᠡᠷ ᠬᠠᠯᠠᠭᠠᠬᠤ ᠵᠡᠷᠭᠡ ᠡᠴᠡ ᠬᠠᠮᠠᠭᠠᠯᠠᠵᠤ ᠪᠠᠢᠢᠬᠤ ᠶᠢ ᠰᠤᠷᠭᠠᠵᠤ ᠪᠤᠢ ᠬᠡᠦᠬᠡᠳ ᠪᠠᠭᠠᠴᠤᠳ ᠲᠤ ᠵᠠᠬᠢᠪᠠᠯ ᠵᠣᠬᠢᠨ᠎ᠠ᠃

ᠳᠠᠭ᠎ᠠ ᠶᠢ ᠰᠤᠷᠭᠠᠬᠤ ᠳᠤ ᠪᠠᠨ ᠨᠢᠭᠡ ᠪᠠᠷᠢᠵᠤ ᠠᠪᠤᠭᠠᠳ 1-2 ᠬᠣᠨᠣᠭ ᠵᠥᠭᠡᠯᠡᠨ ᠤᠨᠤᠵᠤ ᠲᠠᠯᠪᠢᠭᠠᠳ ᠬᠣᠶᠠᠷ ᠬᠣᠨᠣᠭᠠᠳ ᠳᠠᠬᠢᠨ ᠤᠨᠤᠬᠤ ᠂ ᠣᠢᠢᠷ᠎ᠠ ᠣᠢᠢᠷᠠᠬᠠᠨ ᠤᠨᠤᠵᠤ ᠲᠠᠯᠪᠢᠬᠤ ᠳᠤ ᠭᠦᠢᠴᠡᠳ ᠨᠣᠮᠣᠬᠠᠷᠠᠳᠠᠭ᠃  ᠡᠮᠨᠢᠭ ᠠᠳᠤᠭᠤᠨ ᠳᠤ ᠮᠣᠷᠳᠠᠭᠠᠳ ᠵᠥᠭᠡᠯᠡᠨ ᠬᠥᠳᠡᠯᠦᠨ᠎ᠡ᠃ ᠪᠤᠷᠤᠭᠤ ᠲᠠᠯ᠎ᠠ ᠶᠢᠨ ᠳᠥᠷᠥᠭᠡ ᠶᠢ ᠴᠢᠩᠭ᠎ᠠ ᠳᠤᠤᠭᠠᠷᠭᠠᠪᠠᠯ ᠪᠤᠷᠤᠭᠤ ᠲᠠᠯ᠎ᠠ ᠠᠴᠠ ᠦᠷᠭᠦᠵᠦ ᠪᠤᠯᠭᠢᠵᠤ ᠮᠠᠭᠤ ᠵᠠᠩ ᠰᠤᠷᠳᠠᠭ ᠢ ᠠᠩᠬᠠᠷ᠃ ᠡᠮᠡᠭᠡᠯᠯᠡᠭᠰᠡᠨ ᠦ ᠳᠠᠷᠠᠭ᠎ᠠ ᠡᠮᠡᠭᠡᠯ ᠲᠡᠢ ᠨᠢ ᠪᠤᠯᠭᠢᠭᠤᠯᠬᠤ᠂ ᠭᠡᠳᠡᠭᠡ ᠶᠢ ᠨᠢ ᠭᠠᠷᠭᠠᠬᠤ ᠭᠡᠵᠦ ᠰᠤᠭᠤ ᠴᠠᠪᠢ ᠤᠷᠤᠭᠤ ᠨᠢ ᠬᠠᠳᠬᠤᠬᠤ ᠮᠠᠭᠤ ᠪᠠᠢᠢᠳᠠᠭ ᠃

 ᠡᠮᠨᠢᠭ ᠠᠳᠤᠭᠤ ᠶᠢ ᠳᠠᠪᠴᠢᠭᠤ ᠴᠢᠳᠦᠷ ᠢᠶᠡᠷ ᠴᠢᠳᠦᠷᠯᠡᠵᠦ ᠴᠢᠳᠦᠷ ᠢᠰᠬᠦᠯᠬᠦ᠂ ᠳᠡᠪᠬᠡᠴᠡᠬᠦ ᠡᠴᠡ ᠪᠣᠯᠭᠣᠮᠵᠢᠯᠠᠬᠤ ᠶᠣᠰᠣᠲᠠᠢ᠃ ᠠᠳᠤᠭᠤᠴᠢᠳ ᠤᠨ ᠲᠤᠷᠰᠢᠯᠭ᠎ᠠ ᠠᠴᠠ ᠦᠵᠡᠬᠦ ᠳᠦ ᠠᠳᠤᠭᠤ ᠶᠢ ᠰᠤᠷᠭᠠᠬᠤ ᠳᠤ ᠪᠠᠨ ᠬᠥᠯ ᠨᠢᠷᠤᠭᠤ ᠶᠢ ᠨᠢ ᠠᠪᠤᠯ ᠦᠭᠡᠢ᠂ ᠵᠥᠭᠡᠯᠡᠨ ᠡᠳ᠋ᠯᠡᠵᠦ ᠬᠠᠪᠤᠷ ᠬᠡᠢ ᠶᠢ ᠨᠢ ᠭᠠᠷᠭᠠᠬᠤ ᠶᠢᠨ ᠣᠷᠣᠨ ᠳᠤ ᠡᠪᠦᠯ ᠳᠦ ᠬᠥᠯᠥᠷᠡᠭᠡᠵᠦ ᠬᠥᠯᠳᠡᠭᠡᠬᠦ᠂ ᠬᠤᠷᠴᠠ ᠨᠠᠷᠠ ᠴᠢᠭᠢᠭ ᠲᠦ ᠡᠮᠡᠭᠡᠯ ᠬᠠᠭᠤᠯᠬᠤ᠂ ᠬᠥᠯᠥᠰᠦ ᠶᠢ ᠨᠢ ᠬᠠᠲᠠᠭᠠᠯ ᠦᠭᠡᠢ ᠰᠤᠯᠠᠯᠠᠬᠤ᠂ ᠬᠡᠳᠦ ᠬᠠᠨᠲᠠᠢᠷᠠᠭᠤᠯᠤᠨ ᠶᠠᠪᠤᠭᠤᠲᠠ ᠮᠣᠷᠳᠠᠵᠤ ᠤᠬᠤᠰᠬᠢᠬᠤ ᠂ ᠬᠠᠵᠠᠭᠠᠷ ᠤᠨ ᠰᠢᠯ ᠢ ᠪᠣᠭᠣᠨᠢᠳᠬᠠᠵᠤ ᠠᠮᠠ ᠶᠢ ᠬᠥᠰᠢᠭᠦᠨ ᠪᠣᠯᠭᠠᠬᠤ᠂ ᠴᠠᠰᠤᠨ ᠤ ᠰᠢᠷ᠎ᠠ ᠤᠰᠤ ᠪᠠᠷ ᠤᠰᠤᠯᠠᠬᠤ ᠪᠣᠯᠣᠨ ᠬᠡᠲᠦ ᠤᠨᠤᠭᠠᠰᠢᠷᠠᠲᠠᠯ᠎ᠠ ᠡᠳ᠋ᠯᠡᠬᠦ ᠶᠢ ᠴᠡᠭᠡᠷᠯᠡᠬᠦ ᠬᠡᠷᠡᠭᠲᠡᠢ᠃ ᠤᠨᠤᠬᠤ ᠮᠣᠷᠢᠳ ᠢ ᠨᠠᠮᠤᠷ ᠣᠷᠣᠢᠬᠠᠨ ᠡᠳᠦᠷ ᠢᠳᠡᠭᠡᠰᠢᠯᠡᠭᠦᠯᠵᠦ᠂ ᠰᠥᠨᠢ ᠤᠶᠠᠵᠤ ᠰᠣᠢᠢᠬᠤ ᠵᠡᠷᠭᠡ ᠪᠡᠷ ᠮᠣᠷᠢᠨ ᠤ ᠤᠶᠠᠭ᠎ᠠ ᠰᠣᠢᠢᠯᠭ᠎ᠠ ᠶᠢ ᠤᠭ ᠮᠣᠷᠢᠨ ᠤ ᠲᠠᠷᠭᠤ ᠬᠦᠴᠦ᠂ ᠪᠡᠶ᠎ᠡ ᠪᠢᠯᠳᠠᠷ ᠲᠤ ᠲᠣᠬᠢᠷᠠᠭᠤᠯᠬᠤ ᠨᠢ ᠵᠦᠢᠲᠡᠢ᠃

ᠠᠳᠤᠭᠤ ᠶᠢ ᠡᠳ᠋ᠯᠡᠭᠡ ᠳᠦ ᠰᠤᠷᠭᠠᠨ᠎ᠠ ᠭᠡᠳᠡᠭ ᠵᠥᠪᠬᠡᠨ ᠤᠨᠤᠯᠭ᠎ᠠ ᠳᠤ ᠰᠤᠷᠭᠠᠭᠰᠠᠨ ᠢᠶᠠᠷ ᠬᠠᠩᠭᠠᠭᠳᠠᠬᠤ ᠦᠭᠡᠢ ᠪᠠᠰᠠ ᠰᠤᠷᠭᠠᠭᠰᠠᠨ ᠠᠳᠤᠭᠤᠨ ᠳᠤ ᠪᠠᠨ ᠳ᠋ᠦᠩᠨᠡᠯᠲᠡ ᠬᠢᠵᠦ᠂ ᠭᠡᠭᠦᠦ ᠶᠢ ᠨᠢ ᠰᠠᠭᠠᠯᠢ ᠳᠤ᠂ ᠮᠣᠷᠢᠳ ᠤᠨ ᠬᠥᠯ ᠪᠦᠳᠦᠭᠦᠨ ᠲᠡᠢ ᠪᠠᠳᠠᠷᠢᠭᠤᠨ ᠢ ᠲᠡᠷᠭᠡ ᠳᠦ᠂ ᠬᠥᠳᠡᠯᠭᠡᠭᠡᠨ ᠰᠠᠢᠢᠳᠠᠢ ᠠᠮᠠ ᠵᠥᠭᠡᠯᠡᠨ ᠲᠡᠢ ᠶᠢ ᠤᠷᠭ᠎ᠠ  ᠳᠦ᠂ ᠰᠢᠨᠳᠠᠰᠤ ᠰᠠᠢᠢᠳᠠᠢ ᠴᠤᠴᠠᠳᠠᠭ ᠦᠭᠡᠢ ᠶᠢ ᠨᠢ ᠤᠷᠤᠯᠳᠤᠭᠠᠨ ᠳᠤ ᠪᠤᠶᠤ ᠬᠣᠯᠠ ᠶᠢᠨ ᠡᠳ᠋ᠯᠡᠭᠡ ᠳᠦ ᠵᠣᠷᠢᠭᠤᠯᠬᠤ ᠲᠤᠰ ᠪᠦᠷᠢ ᠶᠢᠨ ᠥᠪᠡᠷᠮᠢᠴᠡ ᠨᠠᠷᠢᠨ ᠠᠷᠭ᠎ᠠ ᠳᠤ ᠳᠠᠳᠤᠯᠭᠠᠵᠢᠭᠤᠯᠤᠨ᠎ᠠ᠃ ᠮᠣᠷᠢ ᠶᠢ ᠤᠨᠤᠵᠤ ᠡᠳ᠋ᠯᠡᠬᠦ ᠳᠦ ᠤᠴᠢᠷ ᠶᠡᠬᠡ ᠪᠤᠢ᠃ ᠮᠠᠨ ᠤ ᠠᠬᠠᠮᠠᠳ ᠲᠡᠷᠢᠭᠦᠨ ᠦ ᠠᠳᠤᠭᠤᠴᠢᠳ《 ᠬᠠᠢᠢᠷᠠᠳᠠᠢ ᠮᠣᠷᠢ ᠪᠠᠨ ᠬᠠᠰ ᠲᠠᠢ ᠪᠢᠲᠡᠭᠡᠢ ᠣᠷᠣᠭᠤᠯ》ᠭᠡᠵᠦ ᠤᠨᠤᠵᠤ ᠡᠳ᠋ᠯᠡᠬᠦ ᠶᠢᠨ ᠠᠴᠢ ᠲᠤᠰᠠ ᠶᠢ ᠬᠡᠯᠡᠭᠰᠡᠨ ᠪᠠᠢᠳᠠᠭ᠃ ᠤᠨᠤᠵᠤ ᠡᠳ᠋ᠯᠡᠭᠡᠳᠦᠢ ᠤᠳᠠᠭᠰᠠᠨ ᠮᠣᠷᠢ ᠶᠢ ᠭᠡᠨᠡᠳᠲᠡ ᠰᠢᠷᠦᠭᠦᠨ ᠡᠳ᠋ᠯᠡᠵᠦ ᠣᠯᠠᠨ ᠬᠣᠨᠣᠭ ᠤᠨᠤᠬᠤ ᠳᠤ ᠲᠡᠷᠡ ᠵᠢᠯ ᠳᠤ ᠪᠠᠨ ᠲᠠᠷᠭᠤ ᠬᠦᠴᠦ ᠪᠡᠨ ᠭᠠᠪᠢᠲᠠᠢ ᠠᠪᠬᠤ ᠦᠭᠡᠢ ᠪᠠᠢᠢᠳᠠᠭ ᠃ ᠵᠠᠯᠠᠭᠤ ᠮᠣᠷᠢ ᠶᠢ ᠡᠪᠦᠯ ᠦᠨ ᠢᠳᠡ ᠬᠦᠢᠲᠡᠨ ᠳᠦ ᠬᠡᠳᠦ ᠬᠡᠳᠦᠨ ᠤᠳᠠᠭ᠎ᠠ ᠴᠥᠭᠡᠨ ᠬᠣᠨᠣᠭ ᠢᠶᠠᠷ ᠤᠨᠤᠵᠤ ᠲᠠᠯᠪᠢᠬᠤ ᠳᠤ ᠴᠢᠨᠠᠭᠰᠢᠳᠠ ᠡᠳ᠋ᠯᠡᠭᠡ ᠰᠠᠢᠢᠨ ᠳᠠᠭᠠᠭᠠᠳᠠᠭ ᠪᠣᠯᠵᠤ ᠪᠡᠶ᠎ᠡ ᠨᠢ ᠴᠢᠩᠭᠠᠷᠠᠨ ᠬᠠᠪᠤᠷ ᠬᠥᠯᠥᠰᠦ  ᠴᠣᠬᠢᠬᠤ ᠵᠡᠷᠭᠡ ᠡᠮᠭᠡᠭ ᠲᠣᠬᠢᠶᠠᠯᠳᠤᠬᠤ ᠦᠭᠡᠢ ᠪᠣᠯᠣᠨ᠎ᠠ᠃

ᠡᠪᠦᠯ ᠬᠠᠪᠤᠷ ᠤᠨᠤᠬᠤ ᠮᠣᠷᠢ ᠲᠣᠮᠣ ᠪᠡᠶᠡᠲᠡᠢ᠂ ᠬᠥᠯ ᠪᠦᠳᠦᠭᠦᠨ ᠲᠡᠢ ᠪᠠᠳᠠᠷᠢᠭᠤᠨ ᠴᠢᠭᠢᠷᠠᠭ ᠪᠠᠢᠪᠠᠯ ᠵᠣᠬᠢᠨ᠎ᠠ᠃ ᠢᠢ᠌ᠮᠦ ᠮᠣᠷᠢ ᠡᠪᠦᠯ ᠬᠠᠪᠤᠷ ᠡᠳ᠋ᠯᠡᠭᠡ ᠰᠠᠢᠨ ᠳᠠᠭᠠᠭᠠᠳᠠᠭ᠃ ᠪᠠᠷᠢᠵᠤ ᠣᠭᠣᠰᠣᠷᠯᠠᠬᠤ ᠳᠤ ᠨᠣᠮᠣᠬᠠᠨ᠂ ᠡᠮᠡᠭᠡᠯᠯᠡᠵᠦ ᠮᠣᠷᠳᠠᠬᠤ ᠳᠤ ᠵᠣᠭᠰᠣᠵᠤ ᠪᠠᠢᠢᠳᠠᠭ ᠂ ᠤᠨᠤᠭᠠᠳ ᠶᠠᠪᠤᠬᠤ ᠳᠤ ᠬᠥᠩᠭᠡᠨ ᠬᠥᠯ ᠲᠠᠢ ᠠᠯᠬᠤᠭ᠎ᠠ ᠬᠠᠲᠠᠷᠢᠶ᠎ᠠ ᠰᠠᠢᠢᠳᠠᠢ ᠂ ᠳᠠᠪᠬᠢᠬᠤ ᠳᠤ ᠬᠠᠮᠢᠭ᠎ᠠ ᠴᠤ ᠬᠦᠷᠴᠦ ᠴᠢᠳᠠᠬᠤ ᠮᠣᠷᠢ ᠶᠢ ᠤᠨᠤᠵᠤ ᠶᠠᠪᠤᠬᠤ ᠦᠨᠡᠬᠡᠷ ᠤᠷᠮᠠᠲᠠᠢ ᠪᠠᠢᠢᠳᠠᠭ ᠃ ᠠᠩᠬ᠎ᠠ ᠳᠠᠭ᠎ᠠ ᠳᠤ ᠨᠢ ᠰᠤᠷᠭᠠᠵᠤ᠂ ᠬᠣᠨᠢ ᠲᠠᠭᠤᠵᠤ ᠠᠮᠠ ᠶᠢ ᠨᠢ ᠮᠡᠳᠡᠭᠦᠯᠵᠦ ᠮᠣᠷᠢ ᠬᠥᠭᠡᠭᠡᠵᠦ ᠵᠣᠷᠢᠭ ᠣᠷᠣᠭᠤᠯᠵᠤ᠂ ᠬᠤᠷᠳᠤᠨ ᠮᠣᠷᠢ ᠲᠠᠢ ᠤᠷᠤᠯᠳᠤᠭᠤᠯᠵᠤ ᠠᠮᠢᠰᠬᠤᠭ᠎ᠠ ᠶᠢ ᠨᠢ ᠬᠠᠭᠠᠯᠵᠤ ᠰᠤᠷᠭᠠᠳᠠᠭ ᠤᠯᠠᠮᠵᠢᠯᠠᠯᠲᠤ ᠠᠷᠭ᠎ᠠ ᠪᠠᠢᠢᠳᠠᠭ ᠃ ᠮᠣᠷᠢ ᠶᠢ ᠵᠥᠪ ᠡᠳ᠋ᠯᠡᠵᠦ ᠥᠪᠡᠷ ᠦᠨ ᠰᠢᠳᠠᠷ ᠲᠤᠰᠠᠯᠠᠭᠴᠢ ᠪᠠᠨ ᠪᠣᠯᠭᠠᠨ ᠢᠷᠡᠭᠰᠡᠨ ᠡᠪᠦᠭᠡ ᠳᠡᠭᠡᠳᠦᠰ ᠦᠨ ᠢᠶᠡᠨ ᠥᠪ ᠤᠯᠠᠮᠵᠢᠯᠠᠯ ᠢ ᠡᠵᠡᠮᠰᠢᠬᠦ ᠨᠢ ᠮᠠᠯᠴᠢᠨ ᠪᠦᠷᠢ ᠶᠢᠨ ᠡᠭᠦᠷᠭᠡ ᠶᠤᠮ᠃