ᠲᠡᠷᠢᠭᠦᠨ ᠨᠢᠭᠤᠷ > ᠠᠳᠤᠭᠤ ᠮᠠᠯᠯᠠᠬᠤ ᠤᠬᠠᠭᠠᠨ > ᠠᠷᠠᠴᠢᠯᠠᠭ᠎ᠡ ᠮᠠᠯᠯᠠᠭ᠎ᠡ
    
ᠵ   
2019-08-19

 

ᠠᠳᠤᠭᠤᠨ ᠰᠦᠷᠦᠭ ᠦᠨ ᠳᠣᠲᠣᠷ᠎ᠠ ᠶᠠᠪᠤᠭᠤᠯᠬᠤ ᠦᠷᠡᠵᠢᠯ ᠦᠨ ᠠᠵᠢᠯ ᠤᠨ ᠭᠣᠣᠯ ᠴᠢᠭᠯᠡᠯ ᠨᠢ ᠤᠨᠤᠯᠭ᠎ᠠ ᠮᠢᠬ᠎ᠠ ᠰᠦᠨ ᠦ ᠭᠠᠷᠴᠠ ᠴᠢᠨᠠᠷ ᠢ ᠳᠡᠭᠡᠭᠰᠢᠯᠡᠭᠦᠯᠬᠦ ᠳᠦ ᠵᠣᠷᠢᠭᠤᠯᠤᠭᠳᠠᠭᠰᠠᠨ ᠪᠠᠢᠢᠪᠠᠯ ᠵᠣᠬᠢᠨ᠎ᠠ᠃ ᠠᠳᠤᠭᠤᠨ ᠰᠦᠷᠦᠭ ᠲᠦ ᠦᠷᠡᠵᠢᠯ ᠦᠨ ᠠᠵᠢᠯ ᠢ ᠶᠠᠪᠤᠭᠤᠯᠬᠤ ᠶᠢ ᠨᠢᠭᠡᠳᠦᠯ ᠦᠨ ᠠᠳᠤᠭᠤᠨ ᠰᠦᠷᠦᠭ ᠲᠡᠢ ᠬᠣᠯᠪᠣᠭᠳᠠᠭᠰᠠᠨ ᠰᠤᠳᠤᠯᠭᠠᠨ ᠳᠤ ᠳ᠋ᠦᠩᠨᠡᠯᠲᠡ ᠬᠢᠵᠦ ᠨᠢᠭᠡ ᠠᠳᠤᠭᠤᠨ ᠠᠴᠠ ᠠᠰᠢᠭᠯᠠᠭᠰᠠᠨ ᠠᠰᠢᠭ ᠰᠢᠮ᠎ᠡ᠂ ᠬᠤᠷᠳᠤ᠂ ᠪᠡᠶ᠎ᠡ ᠪᠢᠯᠳᠠᠷ᠂ ᠤᠳᠤᠮ ᠤᠭᠰᠠᠭ᠎ᠠ ᠶᠢᠨ ᠪᠠᠢᠢᠳᠠᠯ ᠲᠠᠢ ᠨᠠᠷᠢᠨ ᠲᠠᠨᠢᠯᠴᠠᠵᠤ ᠦᠷ᠎ᠡ ᠲᠥᠯ ᠢᠶᠡᠷ ᠨᠢ ᠰᠠᠢᠨ ᠠᠵᠢᠷᠭ᠎ᠠ᠂ ᠭᠡᠭᠦᠦ ᠶᠢ ᠰᠢᠯᠢᠨ ᠰᠣᠩᠭᠣᠵᠤ ᠰᠠᠭᠤᠷᠢ ᠵᠣᠬᠢᠶᠠᠨ ᠪᠠᠢᠢᠭᠤᠯᠤᠨ᠎ᠠ᠃ ᠵᠢᠯ ᠪᠦᠷᠢ ᠠᠳᠤᠭᠤᠨ ᠰᠦᠷᠦᠭ ᠲᠦ ᠰᠢᠯᠢᠯᠲᠡ ᠶᠢ ᠶᠠᠪᠤᠭᠤᠯᠵᠤ ᠠᠰᠢᠭ ᠰᠢᠮᠡᠲᠦ ᠴᠢᠨᠠᠷ ᠢᠶᠠᠷ ᠲᠣᠳᠣᠷᠠᠭᠰᠠᠨ ᠰᠠᠢᠢᠨ ᠴᠢᠨᠠᠷᠲᠠᠢ ᠭᠡᠭᠦᠦ᠂ ᠠᠵᠢᠷᠭ᠎ᠠ ᠶᠢ ᠪᠤᠰᠤᠳ ᠰᠠᠭᠤᠷᠢ ᠠᠴᠠ ᠠᠪᠴᠤ ᠰᠢᠯᠢᠮᠡᠯ ᠰᠠᠭᠤᠷᠢ ᠳᠤ ᠨᠡᠢᠯᠡᠭᠦᠯᠵᠦ ᠰᠠᠭᠤᠷᠢᠯᠠᠨ ᠰᠢᠯᠢᠮᠡᠯ ᠰᠠᠭᠤᠷᠢ ᠶᠢᠨ ᠠᠳᠤᠭᠤᠨ ᠤ ᠲᠣᠭ᠎ᠠ ᠶᠢ ᠵᠢᠯ ᠡᠴᠡ ᠵᠢᠯ ᠳᠦ ᠣᠯᠠᠰᠢᠷᠠᠭᠤᠯᠵᠤ᠂ ᠡᠨᠡ ᠰᠠᠭᠤᠷᠢ ᠨᠤᠭᠤᠳ ᠲᠤ ᠰᠢᠯᠢᠮᠡᠯ ᠠᠵᠢᠷᠭᠠᠨ ᠦᠷᠢᠶ᠎ᠡ᠂ ᠪᠠᠢᠢᠳᠠᠰᠤ ᠪᠤᠢᠢᠵᠢᠭᠤᠯᠬᠤ ᠦᠷᠡᠵᠢᠯ ᠦᠨ ᠠᠵᠢᠯ ᠶᠠᠪᠤᠭᠤᠯᠪᠠᠯ ᠵᠣᠬᠢᠨ᠎ᠠ᠃

ᠰᠢᠯᠢᠮᠡᠯ ᠰᠠᠭᠤᠷᠢ ᠳᠤ ᠲᠡᠷᠡ ᠰᠠᠭᠤᠷᠢ ᠶᠢᠨ ᠠᠰᠢᠭ ᠰᠢᠮ᠎ᠡ ᠶᠢᠨ ᠴᠢᠭᠯᠡᠯ ᠦᠨ ᠳᠠᠭᠠᠤ ᠰᠢᠯᠢᠳᠡᠭ ᠠᠵᠢᠷᠭ᠎ᠠ ᠶᠢ ᠲᠣᠬᠢᠷᠠᠭᠤᠯᠤᠨ ᠰᠣᠩᠭᠣᠭᠰᠠᠨ ᠠᠴᠠ ᠨᠡᠢᠢᠯᠡᠭᠦᠯᠭᠡ ᠶᠠᠪᠤᠭᠤᠯᠤᠨ᠂ ᠰᠢᠯᠢᠮᠡᠯ ᠰᠠᠭᠤᠷᠢ ᠶᠢᠨ ᠠᠳᠤᠭᠤ ᠪᠣᠯᠣᠨ ᠲᠡᠭᠦᠨ ᠡᠴᠡ ᠭᠠᠷᠴᠤ ᠪᠠᠢᠢᠭ᠎ᠠ ᠦᠷ᠎ᠡ ᠲᠥᠯ ᠦᠨ ᠠᠰᠢᠭ ᠰᠢᠮ᠎ᠡ ᠶᠢᠨ ᠥᠭᠡᠷᠡᠴᠢᠯᠡᠯᠲᠡ ᠨᠡᠮᠡᠭᠳᠡᠵᠦ ᠪᠠᠢᠢᠭ᠎ᠠ ᠪᠠᠢᠢᠳᠠᠯ ᠳᠤ ᠰᠤᠳᠤᠯᠭ᠎ᠠ ᠬᠢᠵᠦ ᠳ᠋ᠦᠩᠨᠡᠯᠲᠡ ᠥᠭᠴᠦ ᠠᠵᠢᠯᠯᠠᠬᠤ ᠬᠡᠷᠡᠭᠲᠡᠢ᠃ ᠠᠳᠤᠭᠤᠨ ᠰᠦᠷᠦᠭ ᠲᠦ ᠦᠷᠡᠵᠢᠯ ᠦᠨ ᠠᠵᠢᠯ ᠶᠠᠪᠤᠭᠤᠯᠬᠤ ᠳᠤ ᠪᠠᠨ ᠲᠣᠳᠣᠷᠬᠠᠢ ᠲᠥᠯᠥᠪᠯᠡᠭᠡ ᠵᠣᠬᠢᠶᠠᠨ ᠠᠳᠤᠭᠤᠨ ᠰᠦᠷᠦᠭ ᠦᠨ ᠶᠠᠮᠠᠷ᠂ ᠬᠡᠰᠡᠭ ᠰᠠᠭᠤᠷᠢ ᠶᠢᠨ ᠠᠳᠤᠭᠤᠨ ᠳᠤ ᠶᠠᠮᠠᠷ ᠠᠵᠢᠷᠭ᠎ᠠ ᠣᠨᠣᠭᠳᠠᠭᠤᠯᠬᠤ ᠦᠷᠡᠵᠢᠯ ᠦᠨ ᠪᠦᠷᠢᠳᠬᠡᠯ ᠭᠡᠷᠡᠴᠢᠯᠡᠭᠡ ᠲᠡᠢ ᠪᠣᠯᠭᠠᠵᠤ ᠰᠢᠯᠢᠮᠡᠯ ᠠᠵᠢᠷᠭ᠎ᠠ ᠭᠡᠭᠦᠦ ᠪᠦᠷᠢ ᠳᠦ ᠤᠳᠤᠮ ᠤᠨ ᠪᠣᠯᠣᠨ ᠠᠰᠢᠭ ᠰᠢᠮ᠎ᠡ ᠦᠷ᠎ᠡ ᠲᠥᠯ ᠦᠨ ᠪᠠᠢᠢᠳᠠᠯ ᠢ ᠰᠤᠳᠤᠯᠤᠨ ᠪᠦᠷᠢᠳᠬᠡᠨ᠎ᠡ᠃ ᠡᠴᠢᠭᠡ᠂ ᠡᠬᠡ ᠶᠢᠨ ᠠᠰᠢᠭ ᠰᠢᠮᠡᠲᠦ ᠰᠠᠢᠢᠨ ᠴᠢᠨᠠᠷ ᠢ ᠰᠢᠩᠭᠡᠭᠡᠭᠰᠡᠨ ᠦᠷ᠎ᠡ ᠲᠥᠯ ᠢᠶᠡᠷ ᠨᠢ ᠠᠵᠢᠷᠭ᠎ᠠ ᠲᠠᠯᠪᠢᠵᠤ ᠪᠤᠰᠤᠳ  ᠰᠠᠭᠤᠷᠢ ᠳᠤ ᠠᠰᠢᠭᠯᠠᠬᠤ ᠵᠠᠮ  ᠢᠶᠠᠷ ᠨᠡᠢᠲᠡ ᠰᠦᠷᠦᠭ ᠦᠨ ᠠᠰᠢᠭ ᠰᠢᠮ᠎ᠡ ᠶᠢ ᠳᠡᠭᠡᠭᠰᠢᠯᠡᠭᠦᠯᠬᠦ ᠠᠵᠢᠯ ᠢ ᠵᠣᠬᠢᠶᠠᠨ᠎ᠠ᠃ ᠠᠵᠢᠷᠭ᠎ᠠ ᠭᠡᠭᠦᠦ ᠶᠢ ᠲᠣᠬᠢᠷᠠᠭᠤᠯᠤᠨ ᠨᠡᠢᠢᠯᠡᠬᠦᠯᠬᠦ ᠪᠡᠷ ᠰᠣᠩᠭᠣᠬᠤ ᠳᠦ ᠪᠡᠨ ᠰᠠᠢᠢᠨ ᠠᠵᠢᠷᠭ᠎ᠠ ᠶᠢ ᠰᠠᠢᠢᠨ ᠭᠡᠭᠦᠦ ᠲᠡᠢ ᠨᠡᠢᠯᠡᠭᠦᠯᠵᠦ᠂ ᠤᠯᠠᠮ ᠥᠨᠳᠥᠷ ᠠᠰᠢᠭ ᠰᠢᠮ᠎ᠡ ᠬᠤᠷᠳᠦ ᠲᠠᠢ ᠲᠥᠯ  ᠪᠣᠢᠢᠵᠢᠭᠣᠯᠵᠦ ᠪᠣᠯᠣᠨ᠎ᠠ᠃

ᠰᠠᠢᠨ ᠠᠵᠢᠷᠭ᠎ᠠ ᠶᠢ ᠲᠡᠭᠦᠨ ᠡᠴᠡ ᠳᠣᠣᠭᠤᠷ ᠠᠩᠭᠢ ᠴᠢᠨᠠᠷ ᠤᠨ ᠭᠡᠭᠦᠦ ᠲᠡᠢ ᠨᠡᠢᠢᠯᠡᠬᠦᠯᠵᠦ᠂ ᠡᠬᠡ ᠶᠢᠨ ᠠᠰᠢᠭ ᠰᠢᠮ᠎ᠡ ᠠᠩᠭᠢ ᠴᠢᠨᠠᠷ ᠠᠴᠠ ᠳᠡᠭᠡᠭᠦᠷ ᠴᠢᠨᠠᠷᠲᠠᠢ ᠲᠥᠯ ᠭᠠᠷᠭᠠᠬᠤ ᠵᠣᠷᠢᠯᠭ᠎ᠠ ᠪᠠᠷ ᠨᠡᠢᠢᠯᠡᠬᠦᠯᠬᠡ ᠶᠠᠪᠤᠭᠤᠯᠤᠨ᠎ᠠ᠃ ᠰᠢᠯᠢᠯᠲᠡ ᠶᠠᠪᠤᠭᠤᠯᠬᠤ ᠳᠦ ᠪᠡᠨ ᠳᠣᠣᠷᠠᠬᠢ ᠵᠦᠢᠯ ᠢ ᠪᠠᠷᠢᠮᠲᠠᠯᠠᠨ᠎ᠠ᠃

2 ᠪᠠ 2.5 ᠨᠠᠰᠤᠨ ᠠᠴᠠ ᠨᠢ ᠠᠩᠬ᠎ᠠ ᠡᠬᠢᠯᠡᠵᠦ ᠠᠳᠤᠭᠤᠨ ᠳᠤ ᠰᠢᠯᠢᠯᠲᠡ ᠶᠠᠪᠤᠭᠤᠯᠤᠨ᠎ᠠ᠃ ᠡᠨᠡ ᠰᠢᠯᠢᠯᠲᠡ ᠶᠢ ᠶᠠᠪᠤᠭᠤᠯᠬᠤ ᠳᠦ ᠪᠡᠨ ᠭᠠᠯᠪᠢᠷ ᠤᠨ ᠨᠣᠴᠢᠲᠠᠢ ᠳᠤᠲᠠᠭᠳᠠᠯ ᠲᠠᠢ ᠠᠳᠤᠭᠤ ᠶᠢ ᠦᠷᠡᠵᠢᠯ ᠳᠦ ᠲᠡᠩᠴᠡᠬᠦ ᠦᠭᠡᠢ ᠳᠦ ᠲᠣᠭᠠᠴᠠᠨ᠎ᠠ᠃ ᠡᠭᠦᠨ ᠳᠦ ᠬᠡᠲᠦᠷᠬᠡᠢ ᠬᠣᠲᠣᠭᠤᠷ ᠨᠢᠷᠤᠭᠤ ᠲᠠᠢ᠂ ᠬᠠᠪᠴᠢᠭᠠᠷ ᠴᠡᠭᠡᠵᠢ ᠲᠡᠢ ᠣᠯᠠᠨ ᠵᠢᠯ ᠰᠤᠪᠠᠢᠢᠷᠠᠭᠰᠠᠨ᠂ ᠰᠦᠨ ᠮᠠᠭᠤᠲᠠᠢ ᠦᠷ᠎ᠡ ᠲᠥᠯ ᠦᠨ ᠴᠢᠨᠠᠷ ᠢᠶᠠᠷ ᠮᠠᠭᠤ ᠠᠳᠤᠭᠤ ᠶᠢ ᠦᠷᠡᠵᠢᠯ ᠦᠨ ᠬᠡᠰᠡᠭ ᠰᠠᠭᠤᠷᠢ ᠳᠤ ᠣᠷᠣᠭᠤᠯᠬᠤ ᠦᠭᠡᠢ᠃ ᠦᠷᠡᠵᠢᠯ ᠳᠦ ᠰᠣᠩᠭᠣᠨ ᠠᠪᠤᠭᠰᠠᠨ ᠠᠳᠤᠭᠤᠨ ᠳᠦ ᠴᠢᠨᠠᠭᠰᠢᠳᠠ ᠨᠠᠰᠤ ᠭᠦᠢᠴᠡᠲᠡᠯ᠎ᠡ ᠨᠢ ᠪᠡᠶ᠎ᠡ ᠶᠢᠨ ᠦᠨᠳᠦᠰᠦᠨ ᠬᠡᠮᠵᠢᠶ᠎ᠡ᠂ ᠠᠰᠢᠭ ᠰᠢᠮ᠎ᠡ ᠬᠤᠷᠳᠤ  ᠶᠢᠨ ᠦᠵᠡᠭᠦᠯᠦᠯᠲᠡ ᠶᠢ ᠵᠢᠯ ᠪᠦᠷᠢ ᠠᠪᠤᠨ᠎ᠠ᠃ ᠡᠭᠦᠨ ᠳᠦ ᠰᠡᠷᠪᠡᠭᠡᠨ ᠦ ᠥᠨᠳᠥᠷ᠂ ᠪᠡᠶ᠎ᠡ ᠶᠢᠨ ᠲᠠᠰᠢᠭᠤ᠂ ᠤᠷᠲᠤ᠂ ᠴᠡᠭᠡᠵᠢ ᠪᠠ ᠰᠢᠯᠪᠢ ᠶᠢᠨ ᠪᠦᠰᠡᠯᠡᠭᠦᠷ᠂ ᠠᠮᠢᠳᠤ ᠶᠢᠨ ᠵᠢᠩ᠂ ᠬᠤᠷᠳᠤᠯᠠᠬᠤ ᠴᠢᠳᠠᠪᠤᠷᠢ ᠵᠡᠷᠭᠡ ᠪᠣᠯᠣᠨ᠎ᠠ᠃

ᠡᠨᠡ ᠦᠵᠡᠭᠦᠯᠦᠯᠲᠡ ᠶᠢ ᠨᠠᠷᠢᠨ ᠠᠪᠤᠭᠰᠠᠨ ᠤ ᠦᠷ᠎ᠡ ᠳ᠋ᠦᠩ ᠳᠦ ᠦᠷ᠎ᠡ ᠲᠥᠯ ᠦᠨ ᠦᠵᠡᠭᠦᠯᠦᠯᠲᠡ ᠶᠢ ᠡᠬᠡ ᠡᠴᠢᠭᠡ ᠶᠢᠨ ᠲᠤᠬᠠᠢ ᠨᠠᠰᠤᠨ ᠤ ᠠᠰᠢᠭ ᠰᠢᠮ᠎ᠡ᠂ ᠬᠤᠷᠳᠤᠯᠠᠬᠤ ᠴᠢᠳᠠᠪᠤᠷᠢ ᠲᠠᠢ  ᠬᠠᠷᠢᠴᠠᠭᠤᠯᠵᠤ ᠤᠭ ᠰᠦᠷᠦᠭ ᠦᠨ ᠦᠷ᠎ᠡ ᠲᠥᠯ ᠦᠨ ᠴᠢᠨᠠᠷ ᠤᠨ ᠳᠡᠭᠡᠭᠰᠢᠯᠡᠯᠲᠡ  ᠳᠦ ᠳ᠋ᠦᠩ ᠥᠭᠭᠦᠨ᠎ᠡ᠃ ᠦᠷᠡᠵᠢᠯ ᠳᠦ ᠠᠪᠴᠤ ᠪᠠᠢᠭ᠎ᠠ ᠨᠠᠰᠤ ᠭᠦᠢᠴᠡᠭᠰᠡᠨ ᠠᠵᠢᠷᠭ᠎ᠠ ᠶᠢᠨ ᠰᠡᠷᠪᠡᠭᠡ ᠶᠢᠨ ᠥᠨᠳᠥᠷ 130 ᠰᠡᠨᠲ᠋ᠢᠮᠧᠲᠷ ᠡᠴᠡ ᠳᠣᠷᠣᠭᠰᠢ ᠦᠭᠡᠢ᠂ ᠴᠡᠭᠡᠵᠢᠨ ᠦ ᠪᠦᠰᠡᠯᠡᠭᠦᠷ 180 ᠰᠡᠨᠲ᠋ᠢᠮᠧᠲᠷ ᠂ ᠰᠢᠯᠪᠢᠨ  ᠦ ᠪᠦᠰᠡᠯᠡᠭᠦᠷ 18.5 ᠰᠡᠨᠲ᠋ᠢᠮᠧᠲᠷ ᠂ ᠰᠡᠷᠭᠦᠯᠡᠩ ᠴᠣᠪᠣᠭᠣ ᠠᠷᠠᠨᠰᠢᠨ ᠲᠠᠢ᠂ ᠰᠦᠷᠦᠭ ᠢᠶᠡᠨ ᠰᠠᠢᠢᠨ ᠬᠤᠷᠢᠶᠠᠳᠠᠭ᠂ ᠬᠤᠷᠳᠤ᠂ ᠮᠢᠬ᠎ᠠ᠂ ᠰᠦᠨ ᠦ ᠴᠢᠭᠯᠡᠯ ᠦᠨ ᠤᠳᠤᠮᠲᠠᠢ ᠵᠢᠯ ᠦᠨ ᠲᠤᠷᠰᠢ ᠲᠠᠷᠭᠤ ᠬᠦᠴᠦ ᠪᠡᠨ ᠬᠠᠳᠠᠭᠠᠯᠠᠬᠤ ᠪᠠᠢᠳᠠᠯ ᠢ ᠬᠠᠷᠠᠭᠠᠯᠵᠠᠨ᠎ᠠ᠃ ᠬᠡᠷᠪᠡ ᠮᠢᠬ᠎ᠠ᠂ ᠰᠦᠨ ᠦ ᠴᠢᠭᠯᠡᠯ ᠢᠶᠡᠷ ᠰᠢᠯᠢᠯᠲᠡ ᠶᠠᠪᠤᠭᠤᠯᠬᠤ ᠪᠣᠯ ᠰᠠᠭᠠᠯᠢ ᠶᠢᠨ ᠬᠤᠭᠤᠴᠠᠭᠠᠨ ᠳᠤ ᠭᠡᠭᠦᠦ ᠲᠤᠰ ᠪᠦᠷᠢ ᠳᠡᠭᠡᠷ᠎ᠡ ᠬᠢᠨᠠᠯᠲᠠ ᠶᠢᠨ ᠰᠠᠭᠠᠯᠲᠠ ᠶᠢ ᠶᠠᠪᠤᠭᠤᠯᠵᠤ ᠬᠠᠮᠤᠭ ᠤᠨ ᠰᠦᠲᠡᠢ ᠬᠡᠰᠡᠭ ᠢ ᠰᠣᠩᠭᠣᠨ ᠠᠪᠴᠤ ᠡᠨᠡ ᠴᠢᠭᠯᠡᠯ᠎  ᠢᠶᠡᠷ ᠥᠰᠬᠡᠪᠡᠯ ᠵᠣᠬᠢᠨ᠎ᠠ᠃

ᠠᠳᠤᠭᠤᠨ ᠰᠦᠷᠦᠭ ᠲᠦ ᠠᠩᠭᠢᠯᠠᠯᠲᠠ ᠶᠢ ᠨᠠᠮᠤᠷ ᠬᠢᠵᠦ ᠦᠷᠡᠵᠢᠯ ᠦᠨ ᠰᠠᠭᠤᠷᠢ ᠵᠣᠬᠢᠶᠠᠨ ᠪᠠᠢᠭᠤᠯᠤᠯᠲᠠ ᠶᠢ ᠬᠠᠪᠤᠷ ᠬᠢᠬᠦ ᠳᠦ ᠲᠣᠬᠢᠷᠠᠮᠵᠢᠲᠠᠢ᠃