 ᠬᠠᠨᠤᠭᠰᠠᠨ  
ᠳ
2019-07-25

1. ᠬᠤᠮᠤᠤᠯ᠂ ᠪᠠᠭᠠᠰᠤ ᠨᠢᠭᠡ ᠡᠩᠨᠡᠭᠡ ᠪᠡᠷ ᠭᠥᠯᠢᠭᠡᠷ ᠨᠢᠭᠲᠠ ᠂ ᠴᠢᠭᠢᠭ ᠪᠠᠭ᠎ᠠ ᠲᠠᠢ ᠭᠠᠷᠴᠤ ᠭᠣᠣᠯ ᠢᠶᠠᠷ ᠢᠶᠠᠨ ᠨᠢᠭᠡᠨ ᠤᠳᠠᠭ᠎ᠠ ᠬᠠᠭᠠᠷᠠᠬᠤ ᠶᠤᠮ ᠤᠤ ᠬᠠᠭᠠᠷᠠᠬᠤ ᠦᠭᠡᠢ ᠃ ᠪᠦᠬᠦᠯᠢ ᠪᠡᠷ ᠤᠨᠠᠨ᠎ᠠ ᠃ ᠡᠨᠡ ᠨᠢ ᠤᠮᠤᠰᠤᠨ ᠤ ᠬᠤᠷ ᠪᠠᠭᠠᠰᠤ ᠨᠢ ᠭᠦᠢᠴᠡᠳ ᠭᠠᠷᠴᠤ ᠨᠢᠯᠬ᠎ᠠ ᠨᠣᠭᠤᠭ᠎ᠠ ᠳᠤ ᠰᠠᠶᠢᠨ ᠴᠠᠳᠴᠤ ᠤᠮᠤᠰᠤ ᠨᠢ ᠠᠭᠰᠢᠵᠤ ᠪᠠᠭᠠᠰᠤ ᠶᠢ ᠨᠢᠭᠡ ᠡᠩᠨᠡᠭᠡ ᠪᠠᠶᠢᠷᠢᠯᠠᠯ ᠲᠠᠢ ᠪᠣᠯᠲᠠᠯ᠎ᠠ ᠨᠢ ᠨᠠᠷᠢᠰᠬᠠᠵᠤ ᠪᠠᠷᠢᠭᠰᠠᠨ ᠬᠡᠷᠡᠭ ᠶᠤᠮ ᠃ ᠤᠮᠤᠰᠤ ᠨᠢ ᠭᠦᠢᠴᠡᠳ ᠠᠭᠰᠢᠭᠰᠠᠨ ᠤᠴᠢᠷ ᠠᠴᠠ ᠲᠡᠨᠳᠡ ᠶᠠᠮᠠᠷ ᠨᠢᠭᠡ ᠬᠡᠢ ᠬᠤᠷᠠᠯᠳᠤᠬᠤ ᠂ ᠳᠣᠲᠣᠷᠠᠬᠢ ᠪᠠᠭᠠᠰᠤ ᠨᠢ ᠬᠦᠳᠡᠯᠬᠦ ᠶᠠᠪᠤᠳᠠᠯ ᠪᠠᠶᠢᠬᠤ ᠦᠭᠡᠢ ᠡᠴᠡ ᠭᠡᠳᠡᠰᠦ ᠨᠢ ᠵᠠᠶᠢᠯᠠᠭᠳᠠᠬᠤ ᠦᠭᠡᠢ ᠵᠠᠶᠢᠯᠠᠭᠳᠠᠭᠰᠠᠨ ᠴᠤ ᠦᠯᠡᠳᠡᠬᠦ ᠦᠭᠡᠢ ᠃

2.ᠥᠩᠭᠡ ᠂ ᠨᠢᠳᠦᠨ ᠦ ᠳᠣᠲᠣᠷ᠎ᠠ ᠬᠦᠮᠦᠨ ᠦ ᠪᠣᠰᠣᠭ᠎ᠠ ᠳᠦᠷᠰᠦ ᠪᠦᠲᠦᠨ ᠪᠠᠭᠲᠠᠵᠤ ᠬᠠᠷᠠᠭᠳᠠᠨ ᠂ ᠨᠢᠳᠦ ᠨᠢ ᠲᠤᠩᠭᠠᠯᠠᠭ ᠪᠣᠯᠣᠨ᠎ᠠ ᠃ ᠨᠠᠷᠠ ᠭᠠᠷᠬᠤ ᠠᠴᠠ ᠡᠮᠦᠨᠡᠬᠡᠨ ᠪᠠᠷᠢᠵᠤ ᠦᠵᠡᠬᠦ ᠳᠦ ᠦᠰᠦ ᠨᠢ ᠭᠢᠯᠠᠯᠵᠠᠭᠰᠠᠨ ᠲᠣᠯᠢᠭᠠᠷ ᠪᠠᠶᠢᠨ᠎ᠠ ᠃

ᠰᠠᠶᠢᠨ ᠠᠵᠢᠪᠠᠯ ᠥᠭᠡᠷ᠎ᠡ ᠥᠩᠭᠡ ᠲᠠᠢ ᠪᠣᠯᠣᠭᠰᠠᠨ ᠂ ᠪᠡᠶ᠎ᠡ ᠳᠦ ᠨᠢ ᠭᠡᠷᠡᠯ ᠲᠤᠶᠠᠭᠠᠷᠠᠬᠤ ᠮᠡᠲᠦ ᠪᠣᠯᠣᠨ᠎ᠠ ᠃ ᠥᠭᠡᠷ᠎ᠡ ᠪᠡᠷ ᠬᠡᠯᠡᠪᠡᠯ ᠂ ᠭᠡᠷᠡᠯ ᠦᠨ ᠣᠶᠢᠯᠲᠠ ᠶᠡᠬᠡ ᠪᠣᠯᠣᠨ᠎ᠠ ᠃ ᠦᠰᠦ ᠶᠢ ᠬᠠᠮᠢᠭᠠᠰᠢ ᠨᠢ ᠳᠠᠷᠤᠭᠰᠠᠨ ᠨᠠᠯᠠᠵᠤ ᠪᠠᠶᠢᠬᠤ ᠪᠠ ᠤᠬᠢᠶᠠᠭᠰᠠᠨ ᠮᠡᠲᠦ ᠰᠠᠶᠢᠬᠠᠨ ᠥᠩᠭᠡ ᠲᠠᠢ ᠬᠠᠷᠠᠭᠳᠠᠨ᠎ᠠ ᠃ ᠪᠦᠬᠦ ᠦᠰᠦ ᠨᠢ ᠬᠠᠭᠠᠰ ᠨᠠᠯᠠᠤ ᠪᠣᠯᠣᠭᠰᠠᠨ ᠪᠠᠶᠢᠳᠠᠭ ᠃

3.ᠠᠷᠠᠰᠤ ᠶᠢ ᠴᠢᠮᠬᠢᠬᠦ ᠳᠦ ᠡᠭᠦᠰᠦᠭᠰᠡᠨ ᠨᠤᠭᠤᠯᠤᠭᠠᠰᠤ ᠨᠢ ᠤᠳᠠᠭᠠᠨ ᠠᠷᠢᠯᠤᠨ᠎ᠠ ᠃

4.ᠰᠤᠯᠠ ᠬᠣᠨᠣᠭᠯᠠᠬᠤ ᠳᠤ ᠵᠥᠭᠡᠯᠡᠨ ᠭᠠᠵᠠᠷ ᠲᠤ ᠬᠥᠷᠪᠡᠬᠦ ᠳᠦ ᠪᠡᠨ ᠤᠷᠢᠳᠤ ᠬᠣᠶᠠᠷ ᠬᠥᠯ ᠨᠢ ᠡᠪᠴᠢᠭᠦᠨ ᠳᠦ ᠪᠡᠨ ᠬᠦᠷᠴᠦ ᠨᠤᠭᠤᠷᠠᠬᠤ ᠨᠢᠷᠤᠭᠤ ᠪᠠᠷ ᠢᠶᠠᠨ ᠪᠡᠶ᠎ᠡ ᠶᠢᠨ ᠢᠶᠡᠨ ᠬᠣᠶᠠᠷ ᠲᠠᠯ᠎ᠠ ᠤᠷᠤᠭᠤ ᠰᠢᠯᠤᠭᠤᠨ ᠳᠠᠪᠠᠨ᠎ᠠ ᠃ ᠭᠠᠭᠴᠠ ᠨᠢᠭᠡ ᠰᠠᠨᠠᠭ᠎ᠠ ᠠᠯᠳᠠᠭᠠᠳ ᠶᠡᠬᠡ ᠤᠨᠲᠠᠨ᠎ᠠ ᠃

5.ᠳᠠᠪᠬᠢᠯᠲᠠ ᠶᠢᠨ ᠦᠶ᠎ᠡ ᠳᠦ ᠠᠮᠢᠰᠬᠤᠭᠠᠳᠠᠬᠤ ᠂ ᠶᠠᠳᠠᠷᠠᠵᠤ ᠴᠤᠴᠠᠭᠰᠠᠨ ᠰᠢᠨᠵᠢ ᠦᠭᠡᠢ ᠶᠠᠭᠠᠷᠠᠳᠠᠭ ᠦᠭᠡᠢ ᠂ ᠳᠠᠶᠢᠪᠤᠩ ᠪᠣᠯᠳᠠᠭ ᠃

6.ᠬᠥᠯᠥᠰᠦ ᠨᠢ ᠰᠢᠩᠭᠡᠷᠡᠵᠦ ᠲᠤᠩᠭᠠᠯᠠᠭ ᠂ ᠠᠮᠲᠠ ᠦᠭᠡᠢ ᠪᠣᠯᠣᠨ᠎ᠠ ᠃ ᠥᠭᠡᠷ᠎ᠡ ᠪᠡᠷ ᠬᠡᠯᠡᠪᠡᠯ ᠤᠰᠤᠨ ᠬᠥᠯᠥᠰᠦ ᠭᠠᠷᠤᠨ᠎ᠠ ᠃ ᠤᠶᠠᠭ᠎ᠠ ᠣᠷᠣᠭ᠎ᠠ ᠦᠭᠡᠢ ᠮᠣᠷᠢᠨ ᠤ ᠬᠥᠯᠥᠰᠦ ᠱᠣᠷᠪᠣᠭ ᠠᠮᠲᠠ ᠲᠠᠢ ᠪᠠᠶᠢᠳᠠᠭ ᠃ ᠤᠶᠠᠭ᠎ᠠ ᠰᠣᠶᠢᠯᠲᠠ ᠨᠢ ᠣᠷᠤᠭᠰᠠᠨ ᠮᠣᠷᠢᠨ ᠤ ᠭᠡᠳᠡᠰᠦ ᠨᠢ ᠲᠣᠭᠲᠠᠭᠤᠨ ᠤᠮᠤᠰᠤ ᠨᠢ ᠠᠭᠰᠢᠭᠰᠠᠨ ᠲᠤᠯᠠ ᠶᠡᠬᠡ ᠤᠷᠤᠯᠳᠤᠭᠠᠨ ᠤ ᠡᠮᠦᠨ᠎ᠡ ᠨᠢᠯᠬ᠎ᠠ ᠨᠣᠭᠤᠭ᠎ᠠ ᠢᠳᠡᠬᠦ ᠳᠦ ᠤᠷᠤᠯᠳᠤᠭᠠᠨ ᠳᠤ ᠨᠥᠯᠥᠭᠡᠯᠡᠬᠦ ᠦᠭᠡᠢ ᠬᠠᠷᠢᠨ ᠴᠠᠳᠬᠤᠯᠠᠩ ᠰᠠᠶᠢᠨ ᠳᠠᠪᠬᠢᠨ᠎ᠠ ᠃ ᠤᠮᠤᠰᠤ ᠨᠢ ᠠᠭᠰᠢᠨ᠎ᠠ ᠃ ᠤᠶᠠᠭ᠎ᠠ ᠰᠣᠶᠢᠯᠲᠠ ᠨᠢ ᠲᠣᠬᠢᠷᠠᠭᠰᠠᠨ ᠮᠣᠷᠢ ᠴᠠᠳᠬᠤ ᠳᠤ ᠪᠠᠨ ᠲᠦᠷᠭᠡᠨ ᠲᠤᠯᠠ ᠤᠨᠲᠠᠵᠤ ᠠᠮᠠᠷᠠᠬᠤ ᠨᠢ ᠶᠡᠬᠡ ᠪᠣᠯᠣᠨ᠎ᠠ ᠃ ᠤᠶᠠᠭ᠎ᠠ ᠰᠣᠶᠢᠯᠭ᠎ᠠ ᠨᠢ ᠠᠯᠳᠠᠭᠳᠠᠭᠰᠠᠨ ᠠᠳᠤᠭᠤ ᠴᠠᠳᠬᠤ ᠳᠤ ᠪᠠᠨ ᠤᠳᠠᠭᠠᠨ ᠤᠨᠲᠠᠵᠤ ᠠᠮᠠᠷᠠᠬᠤ ᠨᠢ ᠪᠠᠭᠠᠰᠤᠨ᠎ᠠ ᠃ ᠮᠦᠨ ᠲᠠᠷᠯᠠᠵᠤ ᠬᠥᠯᠥᠰᠦᠯᠡᠬᠦ ᠳᠦ ᠤᠳᠠᠭᠠᠨ ᠵᠥᠭᠡᠯᠡᠨ ᠠᠮᠢᠰᠬᠤᠯᠠᠨ᠎ᠠ ᠃ ᠡᠨᠡ ᠨᠢ ᠪᠠᠶᠠᠷ ᠦᠭᠡᠢ ᠪᠣᠯᠵᠤ ᠪᠠᠶᠢᠭ᠎ᠠ ᠶᠢᠨ ᠰᠢᠨᠵᠢ ᠃