  
ᠰ  (    )
2019-08-01


   ᠰᠤᠨᠤᠯᠵᠠᠭᠰᠠᠨ ᠤᠷᠭ᠎ᠠ ᠲᠠᠢ ᠠᠳᠤᠭᠤᠴᠢᠨ ᠬᠦᠮᠦᠨ ᠢ ᠬᠠᠷᠠᠬᠤ ᠳᠤ ᠪᠠᠰᠠ ᠯᠠ ᠪᠠᠬᠠᠲᠠᠢ ᠪᠠᠶᠢᠳᠠᠭ᠃ ᠤᠷᠭ᠎ᠠ ᠶᠢ ᠰᠠᠶᠢᠬᠠᠨ ᠵᠠᠰᠠᠵᠤ  ᠴᠡᠪᠡᠷᠬᠡᠨ ᠬᠢᠵᠦ ᠰᠤᠷᠬᠤ ᠨᠢ ᠴᠢᠬᠤᠯᠠ᠃ ᠤᠷᠭ᠎ᠠ  ᠴᠡᠭᠡᠵᠢ ᠨᠢ ᠬᠦᠨᠳᠦᠳᠡᠪᠡᠯ ᠰᠠᠪᠠᠯᠠᠭ᠎ᠠ ᠪᠣᠯᠵᠤ᠂ ᠮᠣᠷᠢᠨ ᠤ ᠲᠣᠯᠣᠭᠠᠢ ᠣᠨᠣᠬᠤ ᠦᠭᠡᠢ᠂ ᠵᠠᠯᠭᠠᠭ᠎ᠠ ᠮᠤᠷᠤᠢ ᠪᠣᠯ ᠦᠵᠡᠮᠵᠢ  ᠦᠭᠡᠢ᠂ ᠨᠣᠶᠢᠲᠠᠨ ᠮᠣᠳᠣ ᠪᠠᠷ ᠬᠢᠪᠡᠯ ᠮᠤᠷᠤᠶᠢᠵᠤ ᠬᠠᠲᠠᠨ᠎ᠠ᠃ ᠤᠷᠭ᠎ᠠ ᠶᠢᠨ ᠮᠣᠳᠣ ᠶᠢ ᠴᠡᠭᠡᠵᠢ᠂ ᠪᠥᠭᠰᠡ᠂ ᠨᠤᠭᠤᠰᠤ ᠭᠡᠵᠦ ᠬᠤᠪᠢᠶᠠᠳᠠᠭ᠃ ᠪᠥᠭᠰᠡ ᠬᠦᠨᠳᠦ ᠲᠡᠢ ᠤᠷᠭ᠎ᠠ ᠲᠡᠭᠡᠷᠢᠲᠡᠢ᠂ ᠮᠣᠷᠢ ᠤᠷᠭᠠᠯᠠᠬᠤ ᠳᠤ ᠲᠥᠪᠡᠭᠲᠡᠢ᠃ ᠤᠷᠭᠠᠨ ᠤ ᠲᠣᠬᠢᠷᠠᠮᠵᠢᠲᠠᠢ ᠤᠷᠲᠤ ᠶᠢ 6-7 ᠮᠧᠲᠷ ᠭᠡᠵᠦ ᠦᠵᠡᠳᠡᠭ᠃ ᠤᠷᠭᠠᠨ ᠤ ᠪᠥᠭᠰᠡ ᠶᠠᠷ᠎ᠠ ᠦᠭᠡᠢ ᠭᠥᠯᠢᠭᠡᠷ ᠪᠠᠶᠢᠬᠤ ᠬᠡᠷᠡᠭᠲᠡᠢ ᠃ 
   ᠠᠳᠤᠭᠤᠴᠢᠨ ᠬᠦᠮᠦᠨ ᠤᠷᠭ᠎ᠠ ᠪᠠᠨ ᠪᠣᠷᠣᠭ᠎ᠠ᠂ ᠴᠠᠰᠤᠨ ᠠᠴᠠ ᠬᠠᠮᠠᠭᠠᠯᠠᠬᠤ ᠬᠡᠷᠡᠭᠲᠡᠢ᠃ ᠤᠷᠭᠠᠨ ᠤ ᠬᠤᠶᠢᠪᠢ ᠶᠢ ᠣᠭᠣᠨᠣ ᠶᠢᠨ ᠬᠥᠵᠦᠭᠦᠦ ᠶᠢ ᠪᠢᠲᠡᠭᠦᠦ  ᠥᠪᠴᠢᠨ ᠬᠢᠬᠦ ᠪᠤᠶᠤ ᠬᠤᠨᠢᠨ ᠤᠢᠷ᠎ᠠ ᠬᠡᠳᠡᠰᠦ ᠶᠢ ᠴᠡᠪᠡᠷᠯᠡᠵᠦ ᠬᠠᠳᠠᠭᠠᠭᠠᠳ ᠬᠢᠨ᠎ᠡ᠃ ᠬᠤᠶᠢᠪᠢ ᠶᠢ ᠬᠣᠶᠢᠮᠣᠰᠣᠯᠠᠨ ᠲᠣᠮᠣᠵᠤ ᠬᠢᠨ᠎ᠡ᠃ ᠬᠤᠶᠢᠪᠢ 3-3.8 ᠮᠧᠲᠷ ᠲᠣᠬᠢᠷᠠᠮᠵᠢᠲᠠᠢ᠃ ᠬᠤᠶᠢᠪᠢ ᠬᠡᠳᠦᠢ ᠴᠡᠭᠡᠯᠬᠡᠨ ᠪᠥᠭᠡᠳ ᠨᠠᠷᠢᠨ ᠪᠠᠶᠢᠬᠤ ᠨᠢ ᠰᠠᠶᠢᠨ᠃ ᠪᠦᠳᠦᠭᠦᠨ ᠬᠤᠶᠢᠪᠢ ᠠᠳᠤᠭᠤ ᠶᠢ ᠵᠢᠳᠬᠦᠭᠡ ᠪᠣᠯᠭᠠᠨ᠎ᠠ᠃ ᠬᠤᠶᠢᠪᠢᠨ ᠤ ᠨᠢᠭᠡ ᠦᠵᠦᠭᠦᠷ ᠲᠦ ᠪᠢᠲᠡᠭᠦᠦ ᠭᠣᠭᠴᠣᠭ᠎ᠠ ᠤᠶᠠᠬᠤ ᠬᠡᠰᠡᠭ ᠢ ᠵᠥᠭᠡᠯᠡᠨ ᠪᠥᠬᠡ ᠰᠤᠷ ᠢᠶᠠᠷ ᠬᠢᠬᠦ ᠬᠡᠷᠡᠭᠲᠡᠢ᠃ ᠤᠷᠭ᠎ᠠ ᠶᠢᠨ ᠨᠤᠭᠤᠰᠤ᠂ ᠴᠡᠭᠡᠵᠢ ᠪᠥᠭᠰᠡ ᠶᠢ ᠲᠠᠩᠨᠠᠶᠢᠯᠠᠳᠴᠤ ᠵᠠᠯᠭᠠᠨ᠎ᠠ᠃ ᠪᠣᠭᠣᠬᠤ ᠳᠤ ᠪᠠᠨ ᠬᠢᠯᠭᠠᠰᠤ ᠪᠣᠯᠤᠨ 50-70 ᠰᠠᠨ᠋ᠲ᠋ᠢᠮᠧᠲᠷ ᠲᠠᠲᠠᠭᠠᠰᠤᠨ ᠰᠤᠷ ᠢᠶᠠᠷ ᠦᠢᠯᠡᠳᠦᠨ᠎ᠡ᠃ ᠠᠳᠤᠭᠤᠴᠢᠨ ᠬᠦᠮᠦᠨ ᠮᠣᠷᠢᠨ ᠤ ᠬᠥᠯᠦᠰᠦᠨ ᠦ ᠵᠢᠵᠢᠭ ᠬᠤᠰᠤᠭᠤᠷ ᠲᠠᠢ ᠶᠠᠪᠤᠬᠤ ᠶᠢ ᠬᠡᠵᠢᠶᠡᠳᠡ ᠮᠠᠷᠲᠠᠵᠤ ᠪᠣᠯᠬᠤ ᠦᠭᠡᠢ᠂ ᠤᠨᠤᠭᠰᠠᠨ ᠮᠣᠷᠢᠨ ᠤ ᠪᠠᠨ ᠬᠠᠲᠠᠭᠰᠠᠨ ᠬᠥᠯᠥᠰᠥ ᠶᠢ ᠤᠨᠠᠭᠠᠵᠤ ᠴᠡᠪᠡᠷᠯᠡᠵᠦ ᠶᠠᠪᠤᠬᠤ ᠬᠡᠷᠡᠭᠲᠡᠢ᠃