 
ᠰ  (    )
2019-08-14

ᠰᠠᠶᠢᠬᠠᠨ ᠮᠣᠷᠢᠨ ᠤ ᠴᠢᠮᠡᠭ 《ᠡᠮᠡᠭᠡᠯ》 ᠭᠡᠵᠦ ᠡᠮᠡᠭᠡᠯ ᠲᠡᠢ ᠮᠣᠷᠢ ᠪᠠᠨ ᠮᠠᠭᠲᠠᠨ ᠪᠠᠬᠠᠷᠬᠠᠳᠠᠭ ᠨᠢ ᠶᠡᠷᠦᠳᠡ ᠶᠢᠨ ᠲᠣᠬᠢᠶᠠᠯᠳᠤᠯ ᠤᠨ ᠬᠡᠷᠡᠭ ᠪᠢᠰᠢ᠃ ᠦᠨᠡᠬᠡᠷ ᠴᠤ ᠮᠣᠩᠭᠣᠯ ᠡᠮᠡᠭᠡᠯ ᠦᠵᠡᠮᠵᠢ ᠬᠢᠴᠡ ᠶᠢᠨ ᠬᠤᠪᠢ ᠳᠤ ᠭᠣᠶᠣ᠂ ᠡᠳ᠋ᠯᠡᠵᠦ ᠬᠡᠷᠡᠭᠯᠡᠬᠦ ᠳᠦ ᠪᠠᠲᠤ ᠪᠥᠬᠡ ᠶᠤᠮ᠃ 

ᠮᠣᠩᠭᠣᠯ ᠡᠮᠡᠭᠡᠯ ᠢ ᠡᠷᠡᠭᠲᠡᠢ ᠬᠦᠮᠦᠨ ᠦ ᠡᠮᠡᠭᠡᠯ᠂ ᠡᠮᠡᠭᠲᠡᠢ ᠬᠦᠮᠦᠨ ᠦ ᠡᠮᠡᠭᠡᠯ᠂ ᠡᠪᠦᠭᠡᠨ ᠡᠮᠡᠭᠡᠯ ( ᠰᠠᠮᠪᠤᠤ ) ᠬᠡᠦᠬᠡᠳ ᠦᠨ ᠪᠠ ᠬᠤᠷᠳᠤᠨ ᠮᠣᠷᠢᠨ ᠤ ᠡᠮᠡᠭᠡᠯ ᠭᠡᠵᠦ ᠢᠯᠭᠠᠳᠠᠭ ᠃  ᠰᠠᠭᠤᠳᠠᠯ ᠤᠨ ᠵᠠᠢ ᠪᠠᠷ ᠥᠷᠭᠡᠨ ᠪᠠ ᠬᠠᠪᠴᠢᠭ ᠰᠠᠭᠤᠳᠠᠯ ᠲᠠᠢ ᠭᠡᠵᠦ ᠦᠵᠡᠵᠦ ᠪᠣᠯᠤᠨ᠎ᠠ᠃ 

ᠡᠮᠡᠭᠡᠯ ᠢ ᠮᠥᠩᠭᠥᠨ ᠪᠣᠯᠤᠨ ᠶᠠᠰᠤᠨ ᠬᠢᠷ᠎ᠠ ᠂ ᠲᠣᠨᠣᠭ ᠪᠠᠭᠠᠪᠤᠷ ᠢᠶᠠᠷ ᠴᠢᠮᠡᠭᠯᠡᠨ ᠬᠡ ᠲᠡᠢ ᠴᠡᠩᠮᠡ ᠪᠡᠷ ᠣᠯᠤᠩᠴᠤᠭᠯᠠᠵᠤ ᠨᠠᠨᠵᠢᠨ ᠭᠠᠬᠠᠢ ᠭᠥᠯᠢᠮ ᠢᠶᠡᠷ ᠴᠢᠮᠡᠵᠦ ᠬᠡᠷᠡᠭᠯᠡᠳᠡᠭ᠃ ᠡᠮᠡᠭᠡᠯ ᠳᠣᠲᠣᠷ᠎ᠠ ᠪᠠᠨ ᠭᠥᠯᠢᠮ᠂ ᠳᠡᠪᠰᠡ᠂ ᠵᠢᠷᠢᠮ᠂ ᠣᠯᠣᠩ᠂ ᠣᠯᠣᠩᠴᠣᠭ᠂ ᠳᠥᠷᠥᠭᠡ ᠲᠣᠬᠣᠮ ᠠᠴᠠ ᠡᠬᠢᠯᠡᠵᠦ ᠨᠡᠯᠢᠶᠡᠳ ᠵᠦᠢᠯ ᠦᠨ ᠬᠡᠷᠡᠭᠯᠡᠯ ᠲᠡᠢ ᠪᠠᠶᠢᠳᠠᠭ ᠪᠢᠯᠡ᠃

1  ᠭᠥᠯᠢᠮ᠄ ᠭᠥᠯᠢᠮ ᠶᠢ ᠰᠢᠷ᠎ᠠ ᠰᠢᠷᠢ᠂ ᠨᠠᠨᠵᠢᠨ ᠭᠠᠬᠠᠢ ᠪᠤᠯᠢᠭᠠᠷ ᠢᠶᠠᠷ ᠬᠢᠳᠡᠭ᠂ ᠭᠥᠯᠢᠮ 2 ᠲᠠᠯ᠎ᠠ ᠬᠡᠰᠡᠭ ᠡᠴᠡ ᠪᠥᠷᠢᠳᠬᠦ ᠪᠥᠭᠡᠳ ᠭᠦᠯᠢᠮ ᠢᠶᠡᠨ ᠡᠮᠡᠬᠡᠯ ᠳᠦ ᠪᠡᠨ ᠲᠠᠭᠠᠷᠠᠭᠤᠯᠤᠨ ᠮᠤᠷᠢᠨ ᠳᠤ ᠪᠠᠨ ᠳᠤᠬᠤᠨ ᠪᠠᠶᠢᠵᠤ ᠤᠭᠰᠠᠷᠠᠬᠤ ᠦᠭᠡᠢ ᠪᠣᠯ ᠭᠥᠯᠢᠮ ᠳᠡᠷᠪᠡᠶᠢᠬᠦ ᠪᠤᠶᠤ ᠥᠷᠭᠡᠨ ᠨᠠᠷᠢᠨ ᠤᠷᠲᠤ ᠪᠣᠭᠣᠨᠢ ᠪᠣᠯᠵᠤ ᠮᠣᠳᠣᠨ ᠳᠤ ᠪᠠᠨ ᠲᠣᠬᠢᠷᠠᠬᠤ ᠦᠭᠡᠢ ᠪᠣᠯᠳᠠᠭ᠃ ᠡᠷᠡᠭᠲᠡᠢ ᠡᠮᠡᠭᠲᠡᠢ ᠶᠠᠮᠠᠷ ᠴᠤ ᠬᠦᠮᠦᠨ ᠦ ᠡᠮᠡᠭᠡᠯ ᠦᠨ ᠭᠥᠯᠢᠮ ᠳᠡᠭᠡᠭᠦᠷ ᠢᠶᠡᠨ 40-41 ᠰᠠᠨ᠋ᠲ᠋ᠢᠮᠧᠲᠷ᠂ ᠳᠣᠣᠭᠤᠷ ᠢᠶᠠᠨ 30 ᠰᠠᠨ᠋ᠲ᠋ᠢᠮᠧᠲᠷ᠂ ᠥᠷᠭᠡᠨ ᠤᠷᠲᠤ ᠪᠠᠷ ᠢᠶᠠᠨ 70 ᠰᠠᠨ᠋ᠲ᠋ᠢᠮᠧᠲᠷ ᠣᠷᠴᠢᠮ ᠪᠠᠶᠢᠬᠤ ᠨᠢ ᠲᠣᠬᠢᠷᠠᠮᠵᠢᠲᠠᠢ ᠃

ᠭᠦᠯᠢᠮ ᠳᠦ ᠤᠭᠠᠯᠵᠠ ᠬᠠᠳᠬᠤᠵᠤ᠂ ᠡᠮᠵᠢᠶᠡᠷᠢ ᠲᠠᠯᠪᠢᠳᠠᠭ᠃ ᠡᠮᠵᠢᠶᠡᠷᠢ ᠶᠢ 1 ᠰᠠᠨ᠋ᠲ᠋ᠢᠮᠧᠲᠷ ᠡᠴᠡ ᠥᠷᠭᠡᠨ ᠬᠢᠪᠡᠯ ᠮᠠᠭᠤᠬᠠᠢ᠃ ᠭᠥᠯᠢᠮ ᠤᠷᠲᠤᠳᠠᠪᠠᠯ ᠮᠣᠷᠢᠨ ᠤ ᠬᠠ ᠶᠢ ᠦᠷᠡᠵᠦ ᠰᠢᠯᠪᠤᠯᠠᠬᠤ᠂ ᠮᠥᠨ ᠮᠣᠷᠢ ᠶᠢ ᠮᠠᠭᠤᠬᠠᠢ ᠠᠭᠠᠰᠢᠲᠠᠢ ᠪᠣᠯᠭᠠᠳᠠᠭ᠃ ᠡᠪᠦᠯ ᠦᠨ ᠴᠠᠭ ᠲᠤ ᠰᠢᠷᠢᠨ ᠭᠥᠯᠢᠮ ᠴᠠᠷᠴᠠᠵᠤ ᠬᠤᠭᠤᠷᠠᠬᠤ ᠡᠴᠡ ᠭᠠᠳᠠᠨ᠎ᠠ ᠮᠣᠷᠢ ᠬᠠᠭᠠᠷᠢᠳᠠᠭ ᠠᠴᠠ ᠰᠢᠷᠢᠮᠡᠯ ᠡᠳ᠋ ᠬᠡᠪᠢᠰ ᠢᠶᠡᠷ ᠭᠥᠯᠢᠮ ᠬᠢᠨ᠎ᠡ᠃ 

2  ᠳᠡᠪᠰᠡ᠄ ᠡᠮᠡᠭᠡᠯ ᠳᠦ ᠬᠣᠣᠰ ᠳᠡᠪᠰᠡ ᠪᠠᠶᠢᠳᠠᠭ᠃ ᠳᠡᠪᠰᠡ ᠶᠢᠨ ᠳᠡᠭᠡᠳᠦ ᠲᠠᠯ᠎ᠠ ᠨᠠᠷᠢᠨ (12.5 ᠰᠠᠨ᠋ᠲ᠋ᠢᠮᠧᠲᠷ᠂ ᠳᠣᠣᠭᠤᠷ ᠢᠶᠠᠨ ᠥᠷᠭᠡᠨ 15 ) ᠰᠠᠨ᠋ᠲ᠋ᠢᠮᠧᠲᠷ ᠪᠠᠶᠢᠪᠠᠯ ᠲᠠᠭᠠᠷᠠᠨ᠎ᠠ᠃ ᠳᠡᠪᠰᠡ ᠶᠢ ᠬᠣᠯᠪᠣᠵᠤ ᠡᠮᠡᠭᠡᠯ ᠦᠨ ᠮᠣᠳᠣᠨ ᠤ ᠳᠡᠭᠡᠳᠦ ᠲᠠᠯ᠎ᠠ ᠳᠤ  ᠣᠯᠤᠩᠴᠤᠭ ᠤᠨ ᠳᠣᠣᠷ᠎ᠠ ᠪᠡᠬᠢᠯᠡᠨ᠎ᠡ᠃ ᠳᠡᠪᠰᠡ ᠳᠥᠷᠦᠭᠡᠨ ᠦ ᠰᠤᠷᠠᠨ ᠠᠴᠠ ᠬᠤᠪᠴᠠᠰᠤ ᠬᠠᠮᠠᠭᠠᠯᠠᠨ᠎ᠠ᠃ 

3  ᠭᠠᠨᠵᠤᠭ᠎ᠠ᠄ ᠡᠮᠡᠭᠡᠯ ᠳᠦ 6-9 ᠭᠠᠨᠵᠤᠭ᠎ᠠ ᠪᠠᠶᠢᠬᠤ ᠪᠥᠭᠡᠳ ᠪᠠᠷᠠᠭᠤᠨ ᠬᠣᠶᠢᠲᠤ ᠲᠠᠯ᠎ᠠ ᠶᠢᠨ ᠭᠠᠨᠵᠤᠭ᠎ᠠ 3᠂ ᠪᠤᠰᠤᠳ ᠨᠢ ᠬᠣᠣᠰ ᠢᠶᠠᠷ ᠢᠶᠠᠨ ᠪᠠᠶᠢᠨ᠎ᠠ᠃ ᠪᠠᠰᠠ ᠵᠠᠷᠢᠮ ᠭᠠᠵᠠᠷ ᠲᠦ ᠨᠢᠭᠡ ᠳᠠᠯ᠎ᠠ ᠳᠤ ᠪᠠᠨ 6-8 ᠪᠠᠢᠢᠬᠤ ᠪᠦᠭᠡᠳ ᠪᠦᠬᠦᠳᠡ 24-32 ᠪᠠᠢᠢᠳᠠᠭ᠃ ᠭᠠᠨᠵᠤᠭᠠᠨ ᠳᠤ 50 ᠰᠠᠨ᠋ᠲ᠋ᠢᠮᠧᠲᠷ ᠤᠷᠲᠤ ᠨᠠᠷᠢᠨ ᠰᠤᠷ ᠣᠷᠣᠳᠠᠭ᠃ 
ᠭᠠᠨᠵᠤᠭ᠎ᠠ ᠪᠠᠷ᠂ ᠠᠯᠤᠰ ᠬᠣᠯᠠ ᠶᠠᠪᠤᠬᠤ ᠳᠤ ᠪᠠᠨ ᠴᠢᠳᠦᠷ᠂ ᠴᠤᠪᠠ᠂ ᠠᠴᠢᠶ᠎ᠠ ᠶᠢ ᠪᠠᠨ ᠲᠡᠭᠡᠭᠡᠵᠦ ᠶᠠᠪᠤᠳᠠᠭ ᠠᠴᠠ ᠭᠠᠳᠠᠨ᠎ᠠ ᠠᠩᠴᠢᠨ ᠬᠦᠮᠦᠨ ᠭᠠᠨᠵᠤᠭ᠎ᠠ ᠪᠠᠨ ᠠᠩ ᠢᠶᠠᠷ ᠴᠢᠮᠡᠬᠦ ᠳᠦ ᠪᠡᠨ ᠪᠠᠶᠠᠷᠲᠠᠢ ᠪᠠᠶᠢᠳᠠᠭ᠃ 

4  ᠳᠥᠷᠦᠭᠡᠨ ᠦ ᠰᠤᠷ᠄ ᠵᠥᠭᠡᠯᠡᠨ ᠡᠯᠳᠡᠭᠦᠷ ᠲᠡᠢ᠂ ᠪᠥᠬᠡ ᠪᠠᠲᠤ ᠥᠷᠭᠡᠨ ᠬᠠᠪᠲᠠᠭᠠᠢ ᠰᠤᠷ ᠣᠷᠣᠨ᠎ᠠ᠃ ᠳᠠᠪᠬᠤᠷ ᠢᠶᠠᠷ ᠢᠶᠠᠨ 55 ᠰᠠᠨ᠋ᠲ᠋ᠢᠮᠧᠲᠷ᠂ ᠳᠠᠩ ᠢᠶᠠᠷ ᠢᠶᠠᠨ 1 ᠮᠧᠲ᠋ᠷ 10 ᠰᠠᠨ᠋ᠲ᠋ᠢᠮᠧᠲᠷ ᠤᠷᠲᠤ ᠰᠤᠷ ᠶᠠᠮᠠᠷ ᠴᠤ ᠬᠦᠮᠦᠨ ᠦ ᠳᠥᠷᠦᠭᠡᠨ ᠳᠦ ᠲᠣᠬᠢᠷᠠᠨ᠎ᠠ᠃ ᠳᠥᠷᠥᠭᠡ ᠶᠢ ᠤᠷᠲᠤ ᠪᠣᠭᠣᠨᠢ ᠪᠣᠯᠭᠠᠵᠤ ᠪᠠᠶᠢᠬᠤ ᠶᠢᠨ ᠲᠤᠯᠠ ᠰᠤᠷ ᠲᠤ ᠨᠢ ᠵᠢᠵᠢᠭ ᠠᠷᠠᠯ ᠬᠢᠳᠡᠭ᠃ 

ᠡᠮᠡᠭᠡᠯ ᠢ ᠪᠡᠬᠢᠯᠡᠬᠦ 3 ᠨᠠᠷᠢᠨ ᠬᠡᠷᠡᠭᠯᠡᠯ ᠪᠣᠯᠬᠤ ᠣᠯᠣᠩ᠂ ᠵᠢᠷᠢᠮ᠂ ᠤᠭᠰᠤᠭᠤᠷᠭ᠎ᠠ ᠶᠢ ᠪᠠᠶᠢᠩᠭᠤ ᠰᠢᠯᠭᠠᠵᠤ ᠰᠠᠶᠢᠨ ᠰᠤᠷ ᠢᠶᠠᠷ ᠬᠢᠬᠦ ᠬᠡᠷᠡᠭᠲᠡᠢ᠃ 

ᠵᠢᠷᠢᠮ ᠢ 3-4 ᠰᠦᠯᠵᠢᠶ᠎ᠡ ᠨᠠᠷᠢᠨ ᠰᠤᠷ ᠢᠶᠠᠷ ᠬᠢᠨ᠎ᠡ᠃ 

ᠵᠢᠷᠢᠮ ᠢ ᠢᠳᠡᠭᠡᠯᠡᠭᠰᠡᠨ ᠰᠤᠷ ᠢᠶᠠᠷ ᠬᠢᠪᠡᠯ ᠬᠢᠯᠪᠠᠷ ᠲᠠᠰᠤᠷᠠᠬᠤ ᠦᠭᠡᠢ ᠪᠥᠬᠡ ᠪᠠᠶᠢᠳᠠᠭ᠃ ᠰᠦᠯᠵᠢᠭᠰᠡᠨ ᠵᠢᠷᠢᠮ 40-45 ᠰᠠᠨ᠋ᠲ᠋ᠢᠮᠧᠲᠷ ᠤᠷᠲᠤ᠂ ᠲᠡᠭᠡᠬᠦ ᠳᠦ ᠪᠡᠨ ᠬᠣᠶᠢᠲᠤ ᠵᠢᠷᠢᠮ ᠤᠷᠲᠤ ᠪᠠᠶᠢᠨ᠎ᠠ᠃ 

ᠡᠮᠡᠭᠡᠯ ᠦᠨ ᠣᠯᠤᠩ ᠢ ᠭᠣᠣᠯᠳᠠᠭᠤ ᠬᠢᠯᠭᠠᠰᠤ ᠪᠠᠷ ᠰᠢᠷᠢᠵᠦ ᠬᠢᠳᠡᠭ ᠃ ᠰᠡᠭᠦᠯ ᠦᠨ ᠦᠶ᠎ᠡ ᠳᠦ ᠳᠠᠪᠤᠤ ᠮᠠᠰᠢᠨᠳᠠᠵᠤ ᠬᠢᠵᠦ ᠪᠠᠶᠢᠨ᠎ᠠ᠃ ᠣᠯᠤᠩ ᠢ ᠬᠠᠪᠲᠠᠭᠠᠢ ᠪᠥᠭᠡᠷᠡᠩᠬᠡᠢ ᠬᠡᠯᠪᠡᠷᠢ ᠲᠡᠢ ᠬᠢᠵᠦ ᠪᠣᠯᠤᠨ᠎ᠠ᠃ ᠬᠠᠪᠲᠠᠭᠠᠢ ᠣᠯᠤᠩ 3-5 ᠰᠠᠨ᠋ᠲ᠋ᠢᠮᠧᠲᠷ ᠡᠴᠡ ᠥᠷᠭᠡᠨ ᠪᠠᠶᠢᠵᠤ ᠪᠣᠯᠬᠤ ᠦᠭᠡᠢ᠃ ᠣᠯᠤᠩ 136-140 ᠰᠠᠨ᠋ᠲ᠋ᠢᠮᠧᠲᠷ ᠤᠷᠲᠤ ᠪᠠᠶᠢᠨ᠎ᠠ᠃ ᠬᠢᠯᠭᠠᠰᠤᠨ ᠬᠠᠪᠲᠠᠭᠠᠢ ᠣᠯᠤᠩ ᠢ ᠴᠢᠩᠭ᠎ᠠ ᠲᠠᠲᠠᠵᠤ ᠤᠳᠠᠭᠠᠪᠠᠯ ᠮᠣᠷᠢᠨ ᠳᠤ ᠣᠯᠣᠶᠢᠷ ( ᠭᠤᠷᠪᠢ ) ᠪᠤᠢ ᠪᠣᠯᠭᠠᠵᠤ ᠴᠠᠭᠠᠨ ᠦᠰᠦ ᠤᠷᠭᠤᠭᠤᠯᠳᠠᠭ ᠢ ᠠᠩᠬᠠᠷᠬᠤ ᠬᠡᠷᠡᠭᠲᠡᠢ᠃ 

ᠡᠮᠡᠭᠡᠯ ᠳᠦ ᠣᠯᠤᠩ 2 ᠪᠠᠶᠢᠨ᠎ᠠ᠃ ᠡᠮᠡᠭᠡᠯ ᠳᠦ 4 ᠤᠭᠰᠤᠭᠤᠷᠭ᠎ᠠ ᠪᠠᠶᠢᠬᠤ ᠪᠥᠭᠡᠳ 25 ᠰᠠᠨ᠋ᠲ᠋ᠢᠮᠧᠲᠷ ᠤᠷᠲᠤ᠂ ᠪᠥᠭᠡᠷᠡᠩᠬᠡᠢ ᠰᠤᠷ ᠢᠶᠠᠷ ᠬᠢᠨ᠎ᠡ᠃ 

ᠳᠣᠭᠰᠢᠨ ᠮᠣᠷᠢᠨ ᠤ ᠡᠮᠡᠭᠡᠯ᠂ ᠰᠠᠶᠢᠨ ᠤᠭᠰᠣᠭᠤᠷᠭᠠᠨ ᠳᠤ ᠪᠠᠨ ᠲᠡᠰᠴᠦ ᠪᠠᠶᠢᠳᠠᠭ ᠭᠡᠳᠡᠭ ᠨᠢ ᠦᠨᠡᠨ ᠲᠡᠢ᠃ 

5  ᠡᠮᠡᠭᠡᠯ ᠦᠨ ᠮᠣᠳᠣ᠄ ᠡᠮᠡᠭᠡᠯ ᠦᠨ ᠮᠣᠳᠣ ᠥᠨᠳᠥᠷ ᠨᠠᠮ ᠪᠦᠭᠦᠷᠭᠡ ᠲᠡᠢ᠂ ᠬᠣᠯᠠ ᠣᠶᠢᠷ᠎ᠠ ᠰᠠᠭᠤᠳᠠᠯ ᠲᠠᠢ ᠪᠠᠶᠢᠵᠤ ᠪᠣᠯᠬᠤ ᠪᠣᠯᠪᠠᠴᠤ ᠡᠮᠡᠭᠡᠯ ᠦᠨ ᠤᠷᠢᠳᠤ ᠪᠦᠭᠦᠷᠭᠡ 12 ᠰᠠᠨ᠋ᠲ᠋ᠢᠮᠧᠲᠷ ᠥᠨᠳᠥᠷ᠂ 13 ᠰᠠᠨ᠋ᠲ᠋ᠢᠮᠧᠲᠷ ᠥᠷᠭᠡᠨ ᠬᠣᠶᠢᠲᠤ ᠪᠦᠭᠦᠷᠭᠡ 11 ᠰᠠᠨ᠋ᠲ᠋ᠢᠮᠧᠲᠷ ᠥᠨᠳᠥᠷ᠂ 15 ᠰᠠᠨ᠋ᠲ᠋ᠢᠮᠧᠲᠷ ᠥᠷᠭᠡᠨ᠂ 2 ᠪᠦᠭᠦᠷᠭᠡᠨ ᠦ ᠬᠣᠭᠣᠷᠣᠨᠳᠣ ᠳᠡᠭᠡᠭᠦᠷ ᠢᠶᠡᠨ 36 ᠰᠠᠨ᠋ᠲ᠋ᠢᠮᠧᠲᠷ ᠬᠠᠪᠲᠠᠰᠤᠨ ᠤ ᠳᠡᠭᠡᠳᠦ ᠥᠷᠭᠡᠨ 17 ᠰᠠᠨ᠋ᠲ᠋ᠢᠮᠧᠲᠷ ᠪᠠᠶᠢᠪᠠᠯ ᠡᠷᠡᠭᠲᠡᠢ ᠡᠮᠡᠭᠲᠡᠢ ᠬᠦᠮᠦᠨ ᠦ ᠠᠯᠢᠨ ᠳᠤ ᠴᠤ ᠲᠣᠬᠢᠷᠠᠨ᠎ᠠ᠃ ᠡᠮᠡᠭᠡᠯ ᠦᠨ ᠬᠠᠪᠲᠠᠰᠤ ᠶᠢ ᠵᠥᠪ ᠲᠣᠬᠢᠷᠠᠭᠤᠯᠵᠤ ᠴᠢᠳᠠᠪᠠᠯ ᠮᠣᠷᠢᠨ ᠤ ᠨᠢᠷᠤᠭᠤᠨ ᠳᠤ ᠬᠠᠯᠠ ᠦᠭᠡᠢ᠃ ᠬᠠᠪᠲᠠᠰᠤ 37 ᠰᠠᠨ᠋ᠲ᠋ᠢᠮᠧᠲᠷ ᠤᠷᠲᠤ᠂ 11 ᠰᠠᠨ᠋ᠲ᠋ᠢᠮᠧᠲᠷ ᠥᠷᠭᠡᠨ 2 ᠬᠠᠪᠲᠠᠰᠤᠨ ᠤ ᠬᠣᠶᠢᠲᠤ ᠲᠠᠯ᠎ᠠ ᠪᠠᠷ 17 ᠰᠠᠨ᠋ᠲ᠋ᠢᠮᠧᠲᠷ᠂ ᠤᠷᠳᠤᠭᠤᠷ 10 ᠰᠠᠨ᠋ᠲ᠋ᠢᠮᠧᠲᠷ ᠪᠠᠶᠢᠪᠠᠯ ᠮᠣᠷᠢᠨ ᠤ ᠨᠢᠷᠤᠭᠤ ᠭᠡᠮᠲᠦᠭᠡᠬᠦ ᠦᠭᠡᠢ ᠬᠠᠪᠲᠠᠰᠤ ᠂ ᠣᠯᠠᠨ ᠬᠠᠷᠴᠠᠭ᠎ᠠ ᠳᠠᠷᠤᠵᠤ ᠪᠠᠶᠢᠪᠠᠯ ᠮᠣᠷᠢᠨ ᠤ ᠳᠠᠪᠬᠢᠯᠲᠠᠨ ᠳᠤ ᠰᠠᠭᠠᠳ ᠪᠣᠯᠬᠤ ᠦᠭᠡᠢ᠃ ᠬᠠᠪᠲᠠᠰᠤ ᠬᠣᠯᠪᠣᠭ᠎ᠠ ᠪᠤᠶᠤ ᠨᠠᠷᠢᠨ ᠪᠣᠯᠪᠠᠯ ᠬᠣᠯᠪᠣᠷᠢᠬᠤ ᠳᠤ ᠪᠠᠨ ᠬᠢᠯᠪᠠᠷᠬᠠᠨ ᠠᠴᠠ ᠭᠠᠳᠠᠨ᠎ᠠ ᠮᠣᠷᠢᠨ ᠤ ᠨᠢᠷᠤᠭᠤ ᠭᠡᠮᠲᠦᠭᠡᠬᠦ ᠳᠦ ᠪᠡᠨ ᠬᠢᠯᠪᠠᠷ ᠪᠠᠶᠢᠨ᠎ᠠ᠃ 

ᠡᠮᠡᠭᠡᠯ ᠦᠨ ᠴᠢᠮᠡᠭᠯᠡᠯ ᠦᠨ ᠭᠣᠣᠯ ᠨᠢ ᠪᠤᠳᠤᠭ ᠲᠤ ᠪᠠᠨ ᠪᠠᠶᠢᠨ᠎ᠠ᠃ ᠡᠮᠡᠭᠡᠯ ᠳᠦ ᠬᠦᠷᠡᠩ᠂ ᠤᠯᠠᠭᠠᠨ᠂ ᠶᠠᠭᠠᠨ ᠥᠩᠭᠡ ᠲᠣᠬᠢᠷᠠᠮᠵᠢᠲᠠᠢ᠃ ᠡᠪᠦᠭᠡᠨ ᠬᠦᠮᠦᠨ ᠦ ᠨᠠᠮᠬᠠᠨ ᠪᠦᠭᠦᠷᠭᠡ ᠲᠡᠢ ᠡᠮᠡᠭᠡᠯ ᠳᠦ ᠬᠦᠷᠡᠩ ᠪᠤᠳᠤᠭ᠂ ᠵᠠᠯᠠᠭᠤ ᠬᠦᠮᠦᠨ ᠦ ᠤᠷᠲᠤ ᠪᠦᠭᠦᠷᠭᠡ ᠲᠡᠢ ᠡᠮᠡᠭᠡᠯ ᠳᠦ ᠤᠯᠠᠭᠠᠨ ᠶᠠᠭᠠᠨ ᠪᠤᠳᠤᠭ ᠲᠣᠬᠢᠷᠠᠨ᠎ᠠ᠃ 

6  ᠡᠮᠡᠭᠡᠯ ᠦᠨ ᠣᠯᠣᠩᠴᠣᠭ᠃ ᠨᠢᠮᠭᠡᠨ ᠵᠥᠭᠡᠯᠡᠨ ᠢᠰᠡᠭᠡᠢ ᠶᠢ ᠴᠡᠩᠮᠡ ᠪᠡᠷ ᠥᠩᠭᠡᠯᠡᠵᠦ ᠣᠯᠤᠩᠴᠣᠭ ᠬᠢᠨ᠎ᠡ᠃ ᠣᠯᠤᠩᠴᠣᠭ ᠢ ᠡᠮᠡᠭᠡᠯ ᠦᠨ ᠪᠦᠭᠦᠷᠭᠡ ᠡᠴᠡ ᠳᠤᠲᠠᠭᠤ ᠬᠢᠬᠦ ᠦᠭᠡᠢ ᠪᠣᠯ ᠰᠤᠨᠵᠤ ᠪᠦᠭᠦᠷᠭᠡᠨ ᠡᠴᠡ ᠪᠡᠨ ᠳᠠᠪᠠᠳᠠᠭ᠃ 

7  ᠡᠮᠡᠭᠡᠯ ᠦᠨ ᠬᠢᠷ᠎ᠠ ᠶᠢ ᠮᠥᠩᠭᠥ᠂ ᠶᠠᠰᠤ᠂ ᠥᠩᠭᠡᠯᠡᠭᠰᠡᠨ ᠲᠡᠮᠦᠷᠯᠢᠭ ᠢᠶᠡᠷ ᠪᠦᠭᠦᠷᠭᠡ ᠳᠦ ᠪᠡᠨ ᠲᠣᠬᠢᠷᠠᠭᠤᠯᠤᠨ ᠬᠢᠨ᠎ᠡ᠃ ᠡᠮᠡᠭᠡᠯ ᠦᠨ ᠭᠣᠣᠯ ᠴᠢᠮᠡᠭ ᠳᠠᠷᠤᠭᠤᠯᠭᠠᠨ ᠳᠤ ᠪᠠᠨ ᠪᠠᠶᠢᠳᠠᠭ᠃ 

ᠳᠠᠷᠤᠭᠤᠯᠭ᠎ᠠ ᠪᠠᠭᠠᠪᠤᠷ ᠤᠨ ᠬᠡᠮᠵᠢᠶ᠎ᠡ ᠲᠣᠮᠣ ᠵᠢᠵᠢᠭ ᠬᠠᠷᠢᠯᠴᠠᠨ ᠠᠳᠠᠯᠢ ᠦᠭᠡᠢ ᠪᠠᠶᠢᠬᠤ ᠪᠣᠯᠪᠠᠴᠤ ᠳᠡᠩᠳᠡᠭᠦᠦ ᠲᠣᠮᠣ ᠳᠠᠷᠤᠭᠤᠯᠭ᠎ᠠ ᠪᠠᠭᠠᠪᠤᠷ ᠣᠳᠣ ᠲᠣᠬᠢᠷᠠᠮᠵᠢ ᠦᠭᠡᠢ ᠪᠣᠯᠵᠠᠢ ᠃ ᠡᠮᠡᠭᠡᠯ ᠳᠦ 6-10 ᠴᠠᠭᠠᠨ ᠲᠣᠨᠣᠭ ᠪᠠᠶᠢᠨ᠎ᠠ᠃ ᠡᠮᠡᠭᠡᠯ ᠦᠨ ᠲᠣᠨᠣᠭ ᠪᠠᠭᠠᠪᠤᠷ ᠤᠨ ᠬᠡᠯᠪᠡᠷᠢ ᠣᠯᠠᠨ ᠶᠠᠩᠵᠤ ᠡᠯᠳᠡᠪ ᠬᠡ ᠤᠭᠠᠯᠵᠠ ᠲᠠᠢ ᠬᠢᠳᠡᠭ᠃ 

ᠡᠮᠡᠭᠡᠯ ᠳᠦ 2 ᠳᠥᠷᠥᠭᠡ ᠪᠠᠶᠢᠬᠤ ᠪᠥᠭᠡᠳ ᠬᠠᠷᠢᠯᠴᠠᠨ ᠥᠭᠡᠷ᠎ᠡ ᠬᠡᠯᠪᠡᠷᠢ ᠲᠡᠢ ᠬᠦᠨᠳᠦ᠂ ᠬᠥᠩᠭᠡᠨ ᠪᠠᠶᠢᠵᠤ ᠪᠣᠯᠬᠤ ᠪᠣᠯᠪᠠᠴᠤ ᠴᠠᠭᠠᠨ ᠳᠥᠷᠥᠭᠡ ᠬᠥᠩᠭᠡᠨ ᠦᠵᠡᠮᠵᠢᠲᠡᠢ ᠶᠤᠮ᠃ 

ᠡᠮᠡᠭᠡᠯ ᠳᠦ ᠳᠥᠷᠦᠭᠡᠨ ᠦ ᠰᠤᠷ ᠠᠴᠠ ᠭᠤᠲᠤᠯ ᠬᠠᠮᠠᠭᠠᠯᠠᠭᠰᠠᠨ ᠳᠥᠷᠦᠭᠡᠨ ᠦ  ᠪᠦᠷᠢᠶᠡᠰᠦ ᠪᠠᠶᠢᠬᠤ ᠬᠡᠷᠡᠭᠲᠡᠢ᠃ 

8  ᠲᠣᠬᠣᠮ᠃ ᠡᠮᠡᠭᠡᠯ ᠳᠦ ᠵᠤᠵᠠᠭᠠᠨ ᠨᠢᠮᠭᠡᠨ ᠬᠣᠶᠠᠷ ᠲᠣᠬᠣᠮ ᠪᠠᠶᠢᠬᠤ ᠱᠠᠭᠠᠷᠳᠠᠯᠭ᠎ᠠ ᠲᠠᠢ ᠲᠣᠬᠣᠮ ᠢ ᠢᠰᠡᠭᠡᠢ ᠪᠡᠷ ᠬᠢᠵᠦ ᠮᠣᠷᠢᠨ ᠤ ᠨᠢᠷᠤᠭᠤᠨ ᠳᠤ ᠵᠥᠭᠡᠯᠡᠪᠴᠢ ᠪᠣᠯᠭᠠᠨ ᠳᠠᠪᠤᠤ ᠪᠠᠷ ᠥᠩᠭᠡᠯᠡᠳᠡᠭ᠃ ᠲᠣᠬᠣᠮ ᠢ ᠵᠤᠤᠪᠠᠩ ᠳᠤᠭᠤᠢ ᠬᠡᠯᠪᠡᠷᠢ ᠲᠡᠢ᠂ ᠤᠷᠲᠤ ᠪᠠᠷ ᠢᠶᠠᠨ 67 ᠰᠠᠨ᠋ᠲ᠋ᠢᠮᠧᠲᠷ ᠥᠷᠭᠡᠨ ᠢᠶᠡᠷ ᠢᠶᠡᠨ 45 ᠰᠠᠨ᠋ᠲ᠋ᠢᠮᠧᠲᠷ᠂ ᠤᠷᠢᠳᠤ ᠲᠠᠯ᠎ᠠ ᠪᠠᠷ ᠢᠶᠠᠨ ᠪᠣᠭᠣᠨᠢ ᠬᠣᠶᠢᠭᠤᠷ ᠢᠶᠠᠨ ᠲᠠᠯᠪᠢᠭᠤ ᠤᠷᠲᠤ ᠬᠢᠪᠡᠯ ᠵᠣᠬᠢᠨ᠎ᠠ᠃ 

ᠬᠡᠦᠬᠡᠳ ᠦᠨ ᠪᠠ ᠬᠤᠷᠳᠤᠨ ᠮᠣᠷᠢᠨ ᠤ ᠡᠮᠡᠭᠡᠯ ᠬᠠᠮᠤᠭ ᠤᠨ ᠬᠥᠩᠭᠡᠨ ᠠᠪᠰᠠᠷᠬᠠᠨ ᠪᠠᠲᠤ ᠪᠠᠶᠢᠬᠤ ᠬᠡᠷᠡᠭᠲᠡᠢ᠃ ᠬᠠᠪᠲᠠᠰᠤ ᠨᠢ ᠤᠷᠲᠤ᠂ ᠥᠷᠭᠡᠨ ᠪᠣᠯ ᠮᠣᠷᠢᠨ ᠤ ᠬᠠᠷᠴᠠᠭ᠎ᠠ ᠨᠢᠷᠤᠭᠤ  ᠳᠠᠷᠤᠬᠤ ᠪᠠᠷ ᠦᠭᠡᠢ ᠪᠠᠶᠢᠨ᠎ᠠ᠃ 

ᠳᠥᠷᠥᠭᠡ ᠭᠥᠯᠢᠮ ᠳᠡᠪᠰᠡ ᠴᠥᠮ ᠠᠪᠰᠠᠷᠬᠠᠨ ᠪᠠᠶᠢᠬᠤ ᠪᠥᠭᠡᠳ ᠵᠠᠪᠠᠯ ᠤᠭᠠᠯᠵᠠ᠂ ᠮᠡᠳᠬᠡᠵᠦ ᠮᠥᠩᠭᠥᠨ ᠳᠠᠷᠤᠭᠤᠯᠭ᠎ᠠ ᠪᠠᠭᠠᠪᠤᠷ ᠬᠢᠬᠦ ᠬᠡᠷᠡᠭᠴᠡᠭᠡ ᠦᠭᠡᠢ᠃ ᠬᠡᠦᠬᠡᠳ ᠦᠨ ᠡᠮᠡᠭᠡᠯ ᠦᠨ ᠮᠣᠳᠣᠨ ᠳᠤ ᠶᠠᠩᠵᠤ ᠪᠦᠷᠢ ᠶᠢᠨ ᠬᠡ ᠤᠭᠠᠯᠵᠠ ᠬᠢᠬᠦ ᠨᠢ ᠴᠢᠮᠡᠭ ᠲᠡᠢ ᠪᠠᠶᠢᠳᠠᠭ᠃ ᠬᠡᠦᠬᠡᠳ ᠦᠨ ᠡᠮᠡᠭᠡᠯ ᠢ ᠤᠷᠤᠭᠰᠢ ᠬᠤᠪᠬᠤᠷᠬᠤ ᠠᠴᠠ ᠪᠣᠯᠭᠣᠮᠵᠢᠯᠠᠵᠤ ᠬᠤᠳᠠᠷᠭ᠎ᠠ ᠬᠢᠬᠦ ᠪᠥᠭᠡᠷᠡᠩᠬᠡᠢ  ᠣᠯᠤᠩ ᠢᠶᠠᠷ ᠣᠯᠤᠩᠯᠠᠬᠤ ᠨᠢ ᠴᠢᠬᠤᠯᠠ᠃ 

ᠬᠠᠪᠲᠠᠰᠤ ᠪᠦᠭᠦᠷᠭᠡ ᠬᠠᠭᠠᠷᠬᠠᠢ᠂ ᠬᠡᠮᠬᠡᠷᠬᠡᠢ ᠡᠮᠡᠭᠡᠯ ᠢ ᠬᠣᠯᠠ ᠳᠤ ᠬᠡᠷᠡᠭᠯᠡᠵᠦ ᠪᠣᠯᠬᠤ ᠦᠭᠡᠢ᠃ ᠡᠮᠡᠭᠡᠯ ᠢ ᠵᠤᠨ ᠤ ᠪᠣᠷᠣᠭ᠎ᠠ ᠡᠪᠦᠯ ᠦᠨ ᠴᠠᠰᠤ ᠰᠢᠷᠤᠶ ᠠᠴᠠ ᠬᠠᠮᠠᠭᠠᠯᠠᠬᠤ ᠶᠢᠨ ᠰᠠᠴᠠᠭᠤ ᠡᠮᠡᠭᠡᠯ ᠦᠨ ᠰᠤᠷ ᠡᠳ᠋ᠯᠡᠯ ᠳᠦ ᠳᠠᠪᠤᠰᠤᠯᠢᠭ ᠤᠨ ᠵᠦᠢᠯ ᠶᠡᠬᠡ ᠪᠠᠶᠢᠳᠠᠭ ᠠᠴᠠ ᠢᠮᠠᠭ᠎ᠠ ᠳᠤᠷᠠᠲᠠᠢ ᠪᠠᠶᠢᠳᠠᠭ᠃ 

ᠬᠣᠲᠠᠨ ᠳᠤ ᠬᠣᠨᠣᠭᠰᠠᠨ ᠡᠮᠡᠭᠡᠯ ᠦᠨ ᠭᠠᠨᠵᠤᠭ᠎ᠠ᠂ ᠵᠢᠷᠢᠮ ᠲᠡᠰᠳᠡᠭ ᠦᠭᠡᠢ ᠨᠢ ᠡᠭᠦᠨ ᠳᠦ ᠪᠡᠨ ᠪᠠᠶᠢᠳᠠᠭ᠃ ᠤᠶᠠᠵᠤ ᠬᠤᠨᠤᠬᠤ ᠮᠣᠷᠢ ᠶᠢ ᠡᠮᠡᠭᠡᠯ ᠲᠡᠢ ᠬᠣᠨᠣᠭᠤᠯᠵᠤ ᠪᠣᠯᠬᠤ ᠦᠭᠡᠢ᠃ ᠲᠣᠬᠣᠮ ᠢ ᠡᠪᠡᠳᠴᠢᠲᠡᠢ ᠡᠷᠡᠭᠦᠯ ᠨᠢᠷᠤᠭᠤ ᠲᠠᠢ ᠮᠣᠷᠢᠨ ᠳᠤ ᠬᠣᠯᠢᠵᠤ ᠬᠡᠷᠡᠭᠯᠡᠵᠦ ᠪᠣᠯᠬᠤ ᠦᠭᠡᠢ᠃