ᠲᠡᠷᠢᠭᠦᠨ ᠨᠢᠭᠤᠷ >  ᠬᠡᠷᠡᠭᠯᠡᠯ >  ᠵᠠᠩᠭᠢᠯᠠᠭ᠎ᠠ
     
ᠰ  (    )
2019-08-14

ᠮᠣᠷᠢᠨ ᠳᠤ ᠪᠠᠲᠤ ᠪᠡᠬᠢ ᠬᠠᠵᠠᠭᠠᠷ ᠨᠣᠭᠲᠣ ᠶᠢ ᠲᠣᠬᠢᠷᠠᠭᠤᠯᠤᠨ ᠬᠢᠬᠦ ᠶᠠᠪᠤᠳᠠᠯ ᠮᠣᠷᠢ ᠶᠢ ᠤᠷᠲᠤ ᠤᠳᠠᠭᠠᠨ ᠬᠤᠭᠤᠴᠠᠭ᠎ᠠ ᠪᠠᠷ ᠪᠦᠷᠢᠨ ᠠᠰᠢᠭᠯᠠᠬᠤ ᠪᠣᠯᠤᠯᠴᠠᠭ᠎ᠠ ᠲᠠᠢ ᠪᠠᠶᠢᠳᠠᠭ ᠃ ᠬᠠᠵᠠᠭᠠᠷ ᠤᠨ ᠬᠡᠮᠵᠢᠶ᠎ᠡ ᠠᠮᠠᠭᠠᠢ ᠲᠣᠬᠢᠷᠠᠭ᠎ᠠ ᠦᠭᠡᠢ ᠡᠴᠡ ᠮᠣᠷᠢᠨ ᠤ ᠠᠮᠠ ᠬᠠᠯᠠᠵᠤ ᠰᠢᠷᠬᠠᠯᠠᠬᠤ ᠤᠳᠠᠭ᠎ᠠ ᠴᠤ ᠪᠠᠶᠢᠳᠠᠭ᠃ ᠰᠠᠶᠢᠨ ᠬᠠᠵᠠᠭᠠᠷ ᠬᠢᠬᠦ ᠶᠢᠨ ᠲᠤᠯᠠᠳᠠ ᠰᠤᠷ ᠢ ᠵᠥᠪ ᠰᠣᠩᠭᠣᠨ ᠠᠪᠬᠤ ᠨᠢ ᠴᠢᠬᠤᠯᠠ᠃ ᠳᠤᠮᠳᠠᠴᠢ ᠬᠡᠮᠵᠢᠶ᠎ᠡ ᠪᠡᠷ ᠬᠠᠵᠠᠭᠠᠷ ᠵᠠᠩᠭᠢᠳᠬᠤ ᠳᠤ 4 ᠮᠧᠲᠷ 80 ᠰᠠᠨ᠋ᠲ᠋ᠢᠮᠧᠲᠷ ᠤᠷᠲᠤ ᠰᠤᠷ ᠬᠦᠷᠦᠯᠴᠡᠭᠡᠲᠡᠢ ᠬᠦᠷᠦᠨ᠎ᠡ᠃ ᠡᠨᠡ ᠬᠡᠮᠵᠢᠶ᠎ᠡ ᠵᠢᠯᠤᠭᠤ ᠦᠭᠡᠢ ᠴᠤᠯᠪᠤᠭᠤᠷ ᠲᠠᠢ ᠬᠠᠵᠠᠭᠠᠷ ᠪᠣᠯᠤᠨ᠎ᠠ᠃ ᠬᠠᠷᠢᠨ ᠵᠢᠯᠤᠭᠤ ᠨᠢ 90 ᠰᠠᠨ᠋ᠲ᠋ᠢᠮᠧᠲᠷ ᠤᠷᠲᠤ ᠲᠠᠢ ᠵᠥᠭᠡᠯᠡᠨ ᠡᠯᠳᠡᠭᠦᠷ ᠲᠦ ᠬᠠᠪᠲᠠᠭᠠᠢ ᠰᠤᠷ ᠲᠣᠬᠢᠷᠠᠮᠵᠢᠲᠠᠢ᠂ ᠬᠠᠵᠠᠭᠠᠷ ᠢ ᠬᠢᠬᠦ ᠳᠦ ᠪᠡᠨ ᠳᠣᠣᠷᠠᠬᠢ ᠬᠡᠮᠵᠢᠶ᠎ᠡ ᠨᠤᠭᠦᠳ ᠢ ᠬᠠᠷᠠᠭᠠᠯᠵᠠᠨ ᠦᠵᠡᠬᠦ ᠨᠢ ᠴᠢᠬᠤᠯᠠ ᠶᠤᠮ᠃ 
ᠬᠠᠵᠠᠭᠠᠷ ᠤᠨ ᠰᠢᠯᠢᠨ ᠦ ᠤᠷᠲᠤ 60 ᠰᠠᠨ᠋ᠲ᠋ᠢᠮᠧᠲᠷ ᠬᠡᠮᠵᠢᠶ᠎ᠡ ᠲᠡᠢ ᠬᠢᠵᠦ ᠮᠣᠷᠢᠨ ᠤ ᠲᠣᠯᠣᠭᠠᠢ ᠳᠤ ᠲᠣᠬᠢᠷᠠᠭᠤᠯᠤᠨ ᠰᠢᠯᠢᠨ ᠳᠦ ᠵᠢᠵᠢᠭ ᠣᠯᠤᠩ ᠲᠠᠢ ᠬᠢᠪᠡᠯ ᠠᠰᠢᠭᠲᠠᠢ᠃ 
   ᠬᠠᠵᠠᠭᠠᠷ ᠤᠨ ᠬᠠᠮᠠᠷ ᠳᠠᠪᠬᠤᠷ ᠢᠶᠠᠷ ᠢᠶᠠᠨ 17-20 ᠰᠠᠨ᠋ᠲ᠋ᠢᠮᠧᠲᠷ ᠬᠠᠪᠲᠠᠭᠠᠢ ᠵᠥᠭᠡᠯᠡᠨ ᠰᠤᠷ ᠣᠷᠣᠨ᠎ᠠ᠃ ᠬᠠᠵᠠᠭᠠᠷ ᠤᠨ ᠰᠠᠭᠠᠯᠳᠤᠷᠭ᠎ᠠ 40-45 ᠰᠠᠨ᠋ᠲ᠋ᠢᠮᠧᠲᠷ ᠪᠠ ᠵᠥᠪ ᠭᠠᠯ ᠤᠨ ᠭᠣᠭᠴᠣᠭ᠎ᠠ ᠪᠠ ᠣᠯᠤᠩ ᠤᠨ ᠣᠭᠣᠰᠣᠷ ᠢ 5-6 ᠰᠠᠨ᠋ᠲ᠋ᠢᠮᠧᠲᠷ ᠡᠴᠡ ᠬᠡᠲᠦᠷᠬᠦ ᠦᠭᠡᠢ ᠪᠡᠷ ᠬᠢ᠃ ᠬᠠᠵᠠᠭᠠᠷ ᠤᠨ ᠰᠢᠯᠢᠨ ᠦ ᠤᠷᠲᠤ ᠶᠢ ᠲᠣᠬᠢᠷᠠᠭᠤᠯᠵᠤ ᠬᠢᠬᠦ ᠦᠭᠡᠢ ᠤᠷᠲᠤᠳᠠᠭᠤᠯᠪᠠᠯ ᠮᠣᠷᠢᠨ ᠤ ᠨᠢᠳᠦᠨ ᠳᠦ ᠤᠷᠤᠬᠤ ᠮᠣᠷᠢ ᠶᠢ ᠴᠠᠪᠴᠢᠷᠠᠭ᠎ᠠ᠂ ᠳᠠᠯᠳᠢᠷᠭ᠎ᠠ ᠪᠠᠨ ᠪᠣᠯᠭᠠᠳᠠᠭ ᠢ ᠠᠩᠬᠠᠷᠬᠤ ᠨᠢ ᠴᠢᠬᠤᠯᠠ ᠶᠤᠮ᠃ 

ᠴᠤᠯᠪᠤᠭᠤᠷ ᠲᠤ ᠤᠭᠰᠤᠭᠤᠷᠭ᠎ᠠ ᠬᠡᠷᠡᠭᠲᠡᠢ ᠪᠠ ᠴᠤᠯᠪᠤᠭᠤᠷ ᠤᠨ ᠰᠤᠷ ᠬᠠᠮᠤᠭ ᠤᠨ ᠪᠥᠬᠡ᠂ ᠵᠥᠭᠡᠯᠡᠨ ᠪᠠᠶᠢᠬᠤ ᠨᠢ ᠲᠣᠬᠢᠷᠠᠮᠵᠢᠲᠠᠢ᠃ ᠴᠤᠯᠪᠤᠭᠤᠷ ᠤᠨ ᠰᠤᠷ ᠡᠯᠳᠡᠭᠦᠷ ᠮᠠᠭᠤ ᠲᠠᠢ ᠪᠣᠯ ᠮᠣᠷᠢ ᠲᠤᠱᠠᠵᠤ ᠤᠶᠠᠬᠤ ᠳᠤ  ᠰᠠᠭᠠᠷᠠᠵᠤ ᠠᠯᠳᠠᠭᠤᠷᠠᠬᠤ ᠳᠤ ᠪᠠᠨ ᠬᠢᠯᠪᠠᠷᠬᠠᠨ ᠪᠠᠶᠢᠳᠠᠭ᠃ 

ᠬᠠᠵᠠᠭᠠᠷ ᠢ ᠬᠢᠬᠦ ᠳᠦ ᠪᠡᠨ ᠶᠠᠭᠤᠨ ᠤ ᠡᠮᠦᠨ᠎ᠡ ᠬᠠᠵᠠᠭᠠᠷ ᠤᠨ ᠬᠠᠮᠠᠷ ᠢ ᠡᠬᠢᠯᠡᠨ ᠭᠠᠷᠭᠠᠵᠤ ᠰᠢᠨᠠᠨ ᠤ ᠵᠠᠩᠭᠢᠯᠠᠭ᠎ᠠ ᠶᠢ ᠲᠤᠤᠬᠠᠢ ᠬᠡᠯᠪᠡᠷᠢ ᠲᠡᠢ ᠰᠦᠯᠵᠢᠵᠦ ᠪᠣᠯᠬᠤ ᠠᠴᠠ ᠭᠠᠳᠠᠨ᠎ᠠ ᠰᠤᠷ ᠢᠶᠠᠨ ᠨᠦᠬᠡᠯᠡᠵᠦ ᠨᠢᠭᠡ ᠬᠡᠰᠡᠭ ᠢ ᠨᠥᠭᠥᠭᠡ ᠳᠦ ᠣᠷᠣᠭᠤᠯᠤᠨ ᠪᠡᠬᠢᠯᠡᠵᠦ ᠴᠤ ᠪᠣᠯᠳᠠᠭ᠃ ᠬᠠᠵᠠᠭᠠᠷ ᠢ ᠤᠭ ᠬᠢᠵᠦ ᠪᠠᠶᠢᠭ᠎ᠠ ᠬᠦᠮᠦᠨ ᠦ ᠤᠷᠠᠨ ᠴᠢᠳᠠᠪᠤᠷᠢ ᠠᠴᠠ ᠰᠢᠯᠲᠠᠭᠠᠯᠠᠨ ᠶᠠᠮᠠᠷ ᠴᠤ ᠬᠡᠯᠪᠡᠷᠢ ᠪᠡᠷ ᠬᠢᠵᠦ ᠪᠣᠯᠤᠨ᠎ᠠ᠃ ᠬᠠᠵᠠᠭᠠᠷ ᠤᠨ ᠵᠤᠣᠵᠠᠢ ᠶᠢ ᠮᠣᠷᠢᠨ ᠤ ᠵᠠᠪᠠᠵᠢᠨ ᠳᠤ ᠲᠠᠭᠠᠷᠠᠭᠤᠯᠵᠤ ᠵᠠᠩᠭᠢᠯᠠᠭ᠎ᠠ ᠶᠢ ᠬᠢᠨ᠎ᠡ᠃ ᠬᠠᠵᠠᠭᠠᠷ ᠵᠠᠩᠭᠢᠳᠬᠤ ᠳᠤ 6 ᠦᠨᠳᠦᠰᠦᠨ ᠵᠠᠩᠭᠢᠯᠠᠭ᠎ᠠ ᠭᠠᠷᠳᠠᠭ᠃ ᠬᠠᠵᠠᠭᠠᠷ ᠤᠨ ᠬᠠᠮᠤᠭ ᠤᠨ ᠠᠩᠬᠠᠷᠤᠯ ᠲᠠᠲᠠᠬᠤ ᠵᠦᠢᠯ ᠠᠮᠠᠭᠠᠢ ᠪᠠᠶᠢᠳᠠᠭ᠃ ᠠᠮᠠᠭᠠᠢ ᠨᠠᠷᠢᠨ ᠪᠦᠳᠦᠭᠦᠨ᠂ ᠶᠠᠩᠵᠤ ᠪᠦᠷᠢ ᠪᠠᠶᠢᠳᠠᠭ ᠪᠠ ᠡᠪᠦᠯ ᠦᠨ ᠪᠣᠯᠤᠨ ᠵᠤᠨ ᠤ ᠴᠠᠭ ᠲᠤ ᠠᠮᠠᠭᠠᠢ ᠶᠢ ᠲᠣᠬᠢᠷᠠᠭᠤᠯᠵᠤ ᠬᠡᠷᠡᠭᠯᠡᠬᠦ ᠬᠡᠷᠡᠭᠲᠡᠢ᠃ 
   ᠠᠮᠠᠭᠠᠢ ᠵᠤᠣᠵᠠᠢ ᠶᠢ ᠬᠤᠷᠳᠤᠨ ᠮᠣᠷᠢᠨ ᠤ ᠬᠢ᠂ ᠬᠠᠳᠤᠤᠷᠠᠳᠠᠭ᠂ ᠠᠭᠰᠤᠮ ᠮᠣᠷᠢᠨ ᠤ ᠬᠢ ᠭᠡᠵᠦ ᠢᠯᠭᠠᠪᠤᠷᠢᠯᠠᠵᠤ ᠬᠢᠳᠡᠭ ᠶᠤᠮ᠃ ᠬᠠᠵᠠᠭᠠᠷ ᠤᠨ ᠠᠮᠠᠭᠠᠢ ᠵᠤᠨ ᠤ ᠴᠠᠭ ᠲᠤ ᠪᠦᠳᠦᠭᠦᠨ ᠪᠠᠶᠢᠪᠠᠯ ᠮᠣᠷᠢᠨ ᠤ ᠠᠮᠠ ᠬᠠᠯᠬᠤ ᠦᠭᠡᠢ᠂ ᠪᠠᠰᠠ ᠡᠮᠨᠢᠭ ᠳᠣᠭᠰᠢᠨ ᠮᠣᠷᠢᠨ ᠳᠤ ᠪᠦᠳᠦᠭᠦᠨ ᠠᠮᠠᠭᠠᠢ ᠲᠣᠬᠢᠷᠠᠮᠵᠢᠲᠠᠢ᠃ 

ᠡᠪᠦᠯ ᠦᠨ ᠴᠠᠭ ᠲᠤ ᠮᠣᠷᠢᠨ ᠳᠤ ᠨᠠᠷᠢᠨ ᠠᠮᠠᠭᠠᠢ ᠰᠠᠶᠢᠨ ᠪᠠᠶᠢᠳᠠᠭ᠃ ᠡᠪᠦᠯ ᠪᠦᠳᠦᠭᠦᠨ ᠬᠦᠢᠲᠡᠨ ᠠᠮᠠᠭᠠᠢ ᠮᠣᠷᠢᠨ ᠤ ᠠᠮᠠ ᠬᠡᠯᠡ ᠶᠢ ᠬᠠᠭᠠᠷᠢᠬᠤ ᠣᠰᠣᠯ ᠲᠠᠢ ᠪᠠᠶᠢᠳᠠᠭ᠃ 
   ᠬᠤᠷᠳᠤᠨ ᠮᠣᠷᠢᠨ ᠤ ᠪᠠ ᠬᠠᠳᠤᠤᠷᠠᠳᠠᠭ ᠮᠣᠷᠢᠨ ᠳᠤ ᠬᠠᠩᠬᠠᠷ ᠲᠣᠮᠣ ᠬᠥᠨᠳᠡᠯᠡᠪᠴᠢ ᠲᠡᠢ ᠵᠤᠤᠵᠠᠢ ᠪᠦᠬᠦᠢ ᠠᠮᠠᠭᠠᠶᠢᠪᠴᠢ ᠱᠠᠭᠠᠷᠳᠠᠭᠳᠠᠨ᠎ᠠ᠃ ᠣᠯᠠᠨ ᠬᠣᠨᠣᠭ ᠰᠠᠷ᠎ᠠ ᠪᠠᠷ ᠡᠳ᠋ᠯᠡᠵᠦ ᠤᠨᠠᠬᠤ ᠮᠣᠷᠢᠨ ᠳᠤ ᠬᠥᠩᠭᠡᠨ ᠨᠠᠷᠢᠨ ᠠᠮᠠᠭᠠᠢ ᠲᠡᠩᠭᠡᠯᠢᠭ ᠲᠡᠢ ᠪᠥᠭᠡᠷᠡᠩᠬᠡᠢ ᠰᠤᠷ ᠬᠠᠵᠠᠭᠠᠷ ᠬᠢᠬᠦ ᠨᠢ ᠰᠠᠢᠢᠨ ᠪᠠᠢᠢᠳᠠᠭ ᠃ 
    ᠤᠶᠠᠵᠤ ᠬᠣᠨᠣᠭᠰᠠᠨ ᠮᠣᠷᠢ ᠰᠢᠳᠦ ᠪᠡᠨ ᠠᠮᠠᠷᠬᠠᠨ ᠡᠯᠡᠭᠡᠳᠡᠭ᠂ ᠬᠣᠯᠠ ᠶᠠᠪᠤᠬᠤ ᠮᠣᠷᠢᠨ ᠳᠤ ᠬᠦᠨᠳᠦ ᠮᠥᠩᠭᠥᠨ ᠲᠣᠨᠣᠭ ᠲᠠᠢ ᠬᠠᠵᠠᠭᠠᠷ ᠲᠡᠭᠡᠭᠡᠷᠢ ᠲᠡᠢ ᠪᠠᠶᠢᠳᠠᠭ᠃ ᠤᠳᠠᠭᠠᠨ ᠡᠳ᠋ᠯᠡᠬᠦ ᠮᠣᠷᠢᠨ ᠳᠤ ᠮᠥᠩᠭᠥᠨ ᠲᠣᠨᠣᠭᠯᠠᠯ ᠲᠠᠢ ᠬᠠᠵᠠᠭᠠᠷ ᠬᠦᠨᠳᠦᠳᠡᠬᠦ ᠲᠠᠯ᠎ᠠ ᠲᠠᠢ ᠪᠠᠶᠢᠳᠠᠭ᠃ ᠬᠠᠵᠠᠭᠠᠷ ᠢ ᠬᠢᠭᠰᠡᠨ ᠰᠤᠷ ᠤᠨ ᠪᠠᠶᠢᠳᠠᠯ ᠢᠶᠠᠷ ᠳᠠᠩ ᠰᠤᠷ ᠪᠠ ᠳᠠᠪᠬᠤᠷ ᠰᠤᠷ ᠬᠠᠵᠠᠭᠠᠷ ᠭᠡᠵᠦ ᠠᠩᠭᠢᠯᠠᠵᠤ ᠦᠵᠡᠵᠦ ᠪᠣᠯᠤᠨ᠎ᠠ᠃ 

ᠵᠠᠩ ᠮᠠᠭᠤ ᠲᠠᠢ ᠪᠠ ᠲᠣᠯᠣᠭᠠᠢ ᠳᠤ ᠪᠠᠨ ᠬᠣᠷᠢᠭ ᠮᠣᠷᠢᠨ ᠳᠤ ᠬᠠᠵᠠᠭᠠᠷ ᠲᠠᠢ ᠳᠠᠪᠬᠤᠷ ᠰᠤᠷ ᠨᠣᠭᠲᠣ ᠬᠡᠷᠡᠭᠯᠡᠳᠡᠭ᠃ ᠮᠣᠷᠢ ᠶᠢ ᠬᠥᠲᠥᠯᠬᠦ᠂ ᠭᠡᠭᠦᠦ ᠤᠶᠠᠵᠤ ᠰᠠᠭᠠᠬᠤ ᠪᠡᠬᠢᠯᠡᠨ ᠣᠭᠣᠰᠣᠷᠯᠠᠬᠤ ᠳᠤ ᠰᠤᠷ ᠪᠠ ᠬᠢᠯᠭᠠᠰᠤᠨ ᠨᠣᠭᠲᠣ ᠬᠡᠷᠡᠭᠲᠡᠢ ᠪᠠᠶᠢᠳᠠᠭ᠃ 

ᠨᠣᠭᠲᠣ ᠶᠢ ᠬᠢᠬᠦ ᠳᠦ ᠰᠢᠵᠢᠮ ᠪᠠ ᠭᠠᠩᠰᠢᠩ ᠦᠨ ᠬᠠᠮᠲᠤ 4  ᠮᠧᠲᠷ 20 ᠰᠠᠨ᠋ᠲ᠋ᠢᠮᠧᠲᠷ ᠤᠷᠲᠤ ᠰᠤᠷ ᠬᠦᠷᠦᠯᠴᠡᠨ᠎ᠡ᠃ ᠨᠣᠭᠲᠤ ᠶᠢᠨ ᠰᠢᠯᠢᠨ ᠦ ᠤᠷᠲᠤ 46 ᠰᠠᠨ᠋ᠲ᠋ᠢᠮᠧᠲᠷ᠂ ᠨᠣᠭᠲᠤ ᠶᠢᠨ ᠬᠠᠮᠠᠷ 6 ᠰᠠᠨ᠋ᠲ᠋ᠢᠮᠧᠲᠷ ᠰᠠᠭᠠᠯᠳᠤᠷᠭ᠎ᠠ 39 ᠰᠠᠨ᠋ᠲ᠋ᠢᠮᠧᠲᠷ ᠣᠷᠴᠢᠮ ᠬᠡᠮᠵᠢᠶ᠎ᠡ ᠲᠡᠢ ᠪᠡᠷ ᠲᠣᠬᠢᠷᠠᠭᠤᠯᠵᠤ ᠬᠢᠪᠡᠯ ᠲᠣᠬᠢᠷᠠᠨ᠎ᠠ᠃ 
   ᠨᠣᠭᠲᠤ ᠶᠢᠨ ᠭᠠᠩᠰᠢᠩ 2  ᠮᠧᠲᠷ 16 ᠰᠠᠨ᠋ᠲ᠋ᠢᠮᠧᠲᠷ ᠤᠷᠲᠤ ᠲᠠᠢ ᠵᠥᠭᠡᠯᠡᠨ ᠡᠯᠳᠡᠭᠦᠷ ᠲᠡᠢ ᠪᠥᠭᠡᠷᠡᠩᠬᠡᠢ ᠰᠤᠷ ᠲᠣᠬᠢᠷᠠᠨ᠎ᠠ᠃ ᠨᠣᠭᠲᠤ ᠶᠢᠨ ᠰᠢᠯᠢ ᠶᠢ ᠶᠡᠬᠡ ᠪᠠᠭ᠎ᠠ ᠪᠣᠯᠭᠠᠵᠤ ᠲᠤᠬᠢᠷᠠᠭᠤᠯᠬᠤ ᠪᠣᠯᠤᠯᠴᠠᠭ᠎ᠠ ᠲᠠᠢ ᠬᠢᠬᠦ ᠬᠡᠷᠡᠭᠲᠡᠢ᠃ ᠬᠢᠯᠭᠠᠰᠤᠨ ᠨᠣᠭᠲᠣ ᠶᠢ ᠳᠡᠭᠡᠷᠡᠬᠢ ᠬᠡᠮᠵᠢᠶ᠎ᠡ ᠪᠡᠷ ᠲᠣᠬᠢᠷᠠᠭᠤᠯᠤᠨ ᠬᠢᠨ᠎ᠡ᠃ ᠨᠣᠭᠲᠣ ᠵᠠᠩᠭᠢᠳᠬᠤ ᠠᠷᠭ᠎ᠠ ᠠᠵᠢᠯᠯᠠᠭ᠎ᠠ ᠬᠠᠵᠠᠭᠠᠷ ᠤᠨ ᠵᠠᠩᠭᠢᠯᠠᠭ᠎ᠠ ᠲᠠᠢ ᠠᠳᠠᠯᠢᠬᠠᠨ ᠪᠠᠶᠢᠳᠠᠭ᠃