ᠲᠡᠷᠢᠭᠦᠨ ᠨᠢᠭᠤᠷ >  ᠬᠡᠷᠡᠭᠯᠡᠯ >  ᠵᠠᠩᠭᠢᠯᠠᠭ᠎ᠠ
    
ᠰ  (    )
2019-08-01

ᠤᠨᠠᠭ᠎ᠠ ᠤᠶᠠᠭᠠᠨ ᠳᠤ ᠪᠠᠨ ᠢᠷᠠᠳᠠᠭ ᠮᠠᠯ ᠪᠣᠯᠬᠤ ᠪᠠᠷ ᠪᠥᠬᠡ ᠰᠠᠶᠢᠨ ᠨᠣᠭᠲᠣ ᠴᠢᠭᠲᠠ ᠵᠡᠯ᠎ᠡ ᠱᠠᠭᠠᠷᠳᠠᠳᠠᠭ᠃ ᠤᠨᠠᠭ᠎ᠠ ᠤᠶᠠᠬᠤ ᠠᠴᠠ 1-2 ᠡᠳᠦᠷ ᠦᠨ ᠡᠮᠦᠨ᠎ᠡ ᠪᠠᠷᠢᠵᠤ ᠨᠣᠭᠲᠣᠯᠠᠨ ᠲᠠᠯᠪᠢᠵᠤ᠂ ᠨᠣᠭᠲᠤ ᠳᠤ ᠳᠠᠰᠬᠠᠨ᠎ᠠ᠃ ᠤᠨᠠᠭᠠᠨ ᠤ ᠨᠣᠭᠲᠤ ᠳᠤ ᠲᠡᠮᠡᠭᠡᠨ ᠦ ᠡᠷ᠎ᠡ ᠨᠣᠣᠰᠣ ᠶᠢ ᠬᠣᠶᠢᠮᠣᠰᠣᠯᠠᠨ ᠵᠥᠪ ᠡᠷᠴᠢᠯᠡᠨ ᠲᠠᠮᠤᠵᠦ ᠬᠢᠨ᠎ᠡ᠃ ᠮᠠᠷᠠᠯ ᠭᠤᠷᠮᠤᠰᠤᠯᠠᠨ ᠰᠦᠯᠵᠢᠵᠦ ᠬᠢᠬᠦ᠂ ᠳᠠᠪᠤᠤ ᠮᠠᠰᠢᠨᠳᠠᠵᠤ ᠬᠢᠬᠦ ᠠᠷᠭ᠎ᠠ ᠥᠷᠭᠡᠨ ᠳᠡᠯᠭᠡᠷ ᠪᠣᠯᠤᠯ᠎ᠠ᠃ 
   ᠤᠨᠠᠭᠠᠨ ᠤ ᠨᠣᠭᠲᠤ ᠳᠤ 110 ᠰᠠᠨ᠋ᠲ᠋ᠢᠮᠧᠲᠷ ᠣᠷᠴᠢᠮ ᠮᠠᠲ᠋ᠧᠷᠢᠶᠠᠯ ᠬᠦᠷᠦᠨ᠎ᠡ᠃ ᠨᠣᠭᠲᠤ ᠶᠢᠨ ᠡᠷᠡᠦ ᠰᠢᠨᠠ ᠶᠢ 9 ᠰᠠᠨ᠋ᠲ᠋ᠢᠮᠧᠲᠷ ᠣᠷᠴᠢᠮ ᠬᠣᠶᠢᠮᠣᠰᠣᠨ ᠲᠠᠮᠤᠮᠠᠯ ᠪᠠ ᠭᠤᠷᠮᠤᠰᠤᠨ ᠰᠦᠯᠵᠢᠮᠡᠯ ᠢᠶᠡᠷ ᠳᠠᠪᠬᠤᠷᠯᠠᠨ ᠭᠠᠷᠭᠠᠳᠠᠭ᠃ ᠨᠣᠭᠲᠤ ᠶᠢᠨ ᠭᠣᠭᠴᠣᠭ᠎ᠠ ᠨᠤᠭᠤᠳ 5-6 ᠰᠠᠨ᠋ᠲ᠋ᠢᠮᠧᠲᠷ᠂ ᠬᠠᠮᠠᠷ 10-12 ᠰᠠᠨ᠋ᠲ᠋ᠢᠮᠧᠲᠷ ᠳᠠᠪᠬᠤᠷᠯᠠᠨ ᠭᠠᠷᠭᠠᠨ ᠬᠢᠵᠦ ᠨᠣᠭᠲᠤ ᠶᠢᠨ ᠬᠠᠮᠠᠷ ᠤᠨ 2 ᠰᠠᠯᠠᠭᠠᠨ ᠤ  ᠲᠠᠯ᠎ᠠ ᠶᠢᠨ ᠰᠠᠯᠠᠭ᠎ᠠ ᠶᠢ 0.5 ᠰᠠᠨ᠋ᠲ᠋ᠢᠮᠧᠲᠷ ᠣᠷᠴᠢᠮ ᠤᠷᠲᠤ ᠬᠢᠪᠡᠯ ᠬᠠᠮᠠᠷ ᠲᠤ ᠭᠡᠮᠲᠦᠯ ᠤᠴᠠᠷᠠᠭᠤᠯᠬᠤ ᠦᠭᠡᠢ ᠮᠥᠨ ᠬᠠᠮᠠᠷ ᠢ ᠦᠷᠦᠯᠲᠡ ᠳᠠᠷᠤᠯᠲᠠ ᠠᠴᠠ ᠬᠠᠮᠠᠭᠠᠯᠠᠵᠤ ᠢᠰᠡᠭᠡᠢ ᠮᠡᠲᠦ ᠶᠢᠨ ᠡᠳ᠋ ᠍ ᠢᠶᠡᠷ ᠵᠥᠭᠡᠯᠡᠪᠴᠢ ᠬᠢᠬᠦ ᠨᠢ ᠠᠰᠢᠭᠲᠠᠢ ᠪᠠᠶᠢᠳᠠᠭ᠃ ᠤᠨᠠᠭᠠᠨ ᠤ ᠨᠣᠭᠲᠤ ᠶᠢᠨ ᠰᠠᠭᠠᠯᠳᠤᠷᠭ᠎ᠠ ᠰᠢᠯᠢᠪᠴᠢ ᠶᠢᠨ ᠦᠵᠦᠭᠦᠷ ᠡᠴᠡ ᠭᠠᠷᠳᠠᠭ ᠪᠠ 40 ᠰᠠᠨ᠋ᠲ᠋ᠢᠮᠧᠲᠷ ᠡᠴᠡ ᠤᠷᠲᠤ ᠪᠠᠶᠢᠪᠠᠯ ᠲᠣᠬᠢᠷᠠᠮᠵᠢ ᠦᠭᠡᠢ᠃ 

ᠨᠣᠭᠲᠤ ᠶᠢᠨ ᠬᠠᠴᠠᠷ ᠪᠣᠭᠣᠨᠢᠳᠪᠠᠯ ᠤᠨᠠᠭᠠᠨ ᠤ ᠬᠠᠮᠠᠷ ᠲᠤ ᠰᠢᠭᠢᠳᠴᠦ ᠭᠡᠮᠲᠦᠭᠡᠬᠦ ᠪᠠ ᠤᠷᠲᠤ ᠪᠠᠶᠢᠪᠠᠯ ᠨᠢᠳᠦᠨ ᠳᠦ ᠤᠷᠤᠬᠤ᠂ ᠠᠮᠠᠭᠠᠶᠢᠪᠴᠢᠯᠠᠬᠤ᠂ᠲᠡᠮᠡᠤᠯᠡᠬᠦ ᠳᠦ ᠬᠢᠯᠪᠠᠷᠬᠠᠨ ᠮᠤᠯᠲᠤᠷᠠᠨ᠎ᠠ᠃ 
   ᠤᠨᠠᠭᠠᠨ ᠤ ᠨᠣᠭᠲᠣ ᠶᠢ ᠬᠢᠬᠦ ᠳᠦ ᠪᠡᠨ ᠰᠢᠨᠠᠨ ᠤ ᠭᠣᠭᠴᠣᠭᠠᠨ ᠠᠴᠠ ᠬᠤᠢᠮᠤᠰᠤᠯᠠᠨ ᠲᠣᠮᠣᠰᠤᠨ ᠡᠷᠴᠢᠨ ᠦ ᠪᠡᠨ ᠵᠠᠪᠰᠠᠷ ᠰᠦᠯᠵᠢᠬᠦ ᠵᠠᠮ ᠢᠶᠠᠷ ᠭᠠᠷᠭᠠᠨ᠎ᠠ᠃ ᠰᠦᠯᠵᠢᠬᠦ ᠦᠭᠡᠢ ᠲᠤᠤᠬᠠᠢ ᠵᠠᠩᠭᠢᠯᠠᠭ᠎ᠠ ᠪᠠᠷ ᠭᠠᠷᠭᠠᠪᠠᠯ ᠤᠨᠠᠭᠠᠨ ᠤ ᠬᠠᠴᠠᠷ ᠰᠢᠨᠠ ᠶᠢ ᠦᠷᠡᠵᠦ ᠭᠡᠮᠲᠦᠭᠡᠨ᠎ᠡ᠃ ᠨᠣᠭᠲᠤ ᠶᠢᠨ ᠰᠢᠯᠢ᠂ ᠬᠠᠮᠠᠷ ᠢ ᠬᠠᠪᠲᠠᠭᠠᠢ ᠬᠢᠬᠦ ᠬᠡᠷᠡᠭᠲᠡᠢ᠃ ᠤᠨᠠᠭᠠᠨ ᠤ ᠨᠣᠭᠲᠣ ᠲᠤᠭᠤᠯ ᠤᠨ ᠨᠣᠭᠲᠣ ᠠᠴᠠ ᠬᠠᠮᠠᠷ ᠤᠷᠲᠤ᠂ ᠪᠣᠲᠣᠭᠣᠨ ᠤ ᠨᠣᠭᠲᠣ ᠡᠴᠡ ᠪᠣᠭᠣᠨᠢ ᠬᠡᠮᠵᠢᠶ᠎ᠡ ᠲᠡᠢ ᠪᠠᠶᠢᠳᠠᠭ ᠢᠶᠠᠷ ᠢᠯᠭᠠᠭᠳᠠᠨ᠎ᠠ᠃

 

ᠨᠣᠭᠲᠤ ᠶᠢᠨ ᠪᠤᠷᠤᠭᠤ ᠠᠴᠠ ᠡᠭᠦᠰᠬᠦ ᠭᠡᠮᠲᠦᠯ ᠦᠳ 

ᠳᠠᠪᠤᠤ ᠪᠠᠷ ᠬᠢᠭᠰᠡᠨ ᠨᠣᠭᠲᠣ ᠬᠥᠯᠥᠰᠥ ᠴᠢᠭᠢᠭ ᠲᠤ ᠬᠢᠯᠪᠠᠷᠬᠠᠨ ᠨᠣᠷᠴᠤ ᠠᠭᠰᠢᠨ ᠰᠢᠭᠢᠳᠴᠦ ᠭᠡᠮᠲᠦᠯ ᠤᠴᠠᠷᠠᠭᠤᠯᠳᠠᠭ ᠠᠴᠠ ᠦᠷᠭᠦᠯᠵᠢ ᠦᠵᠡᠵᠦ ᠰᠢᠯᠭᠠᠵᠤ ᠪᠠᠶᠢᠬᠤ᠃ ᠰᠢᠭᠢᠳᠦᠭᠰᠡᠨ ᠨᠣᠭᠲᠣ ᠰᠢᠷᠬ᠎ᠠ ᠡᠭᠦᠰᠬᠡᠭᠰᠡᠨ ᠡᠴᠡ ᠵᠤᠨ ᠳᠤ ᠦᠲᠦᠬᠦ ᠠᠶᠤᠯ ᠴᠤ ᠲᠣᠬᠢᠶᠠᠯᠳᠤᠨ᠎ᠠ᠃ ᠡᠭᠦᠨ ᠡᠴᠡ ᠪᠣᠯᠵᠤ ᠴᠠᠭᠠᠨ ᠦᠰᠦ ᠡᠭᠦᠰᠬᠦ ᠪᠣᠯᠤᠨ ᠲᠣᠯᠣᠭᠠᠢ ᠳᠤ ᠪᠠᠨ ᠬᠣᠷᠢᠭ ᠵᠠᠩ ᠲᠠᠢ ᠮᠠᠯ ᠪᠣᠯᠤᠨ᠎ᠠ᠃ 

ᠲᠣᠬᠢᠷᠠᠭ᠎ᠠ ᠦᠭᠡᠢ ᠨᠣᠭᠲᠣ ᠤᠷᠠᠭᠳᠠᠬᠤ ᠳᠤ ᠪᠠᠨ ᠠᠮᠠᠷᠬᠠᠨ ᠤᠴᠢᠷ ᠣᠯᠠᠨ ᠳᠠᠬᠢᠨ ᠵᠠᠰᠠᠵᠤ ᠰᠡᠯᠪᠢᠬᠦ ᠳᠠᠪᠬᠤᠷ ᠠᠵᠢᠯᠯᠠᠭ᠎ᠠ ᠱᠠᠭᠠᠷᠳᠠᠨ᠎ᠠ᠃ 

ᠰᠠᠬᠤᠤ ᠮᠡᠲᠦ ᠶᠢᠨ ᠡᠪᠡᠳᠴᠢᠨ ᠦ ᠦᠶ᠎ᠡ ᠳᠦ ᠪᠣᠬᠢᠷᠳᠠᠭᠰᠠᠨ ᠨᠣᠭᠲᠣ ᠴᠢᠨᠠᠭᠰᠢ ᠡᠪᠡᠳᠴᠢᠨ ᠲᠠᠷᠬᠠᠭᠠᠬᠤ ᠠᠶᠤᠯ ᠲᠠᠢ ᠤᠴᠢᠷ ᠠᠷᠢᠭᠤᠳᠬᠠᠨ ᠴᠡᠪᠡᠷᠯᠡᠵᠦ ᠪᠠᠶᠢᠬᠤ ᠬᠡᠷᠡᠭᠲᠡᠢ᠃ 

ᠨᠣᠭᠲᠣ᠂ ᠴᠢᠭᠲᠠ᠂ ᠵᠡᠯ᠎ᠡ ᠶᠢ ᠲᠣᠬᠢᠷᠠᠭᠤᠯᠬᠤ ᠦᠭᠡᠢ ᠡᠴᠡ ᠣᠷᠢᠶᠠᠴᠠᠯᠳᠤᠵᠤ ᠬᠥᠯ ᠢᠶᠡᠨ ᠭᠡᠮᠲᠦᠭᠡᠬᠦ ᠤᠳᠠᠭ᠎ᠠ ᠴᠤ ᠪᠠᠶᠢᠳᠠᠭ᠃ ᠢᠮᠠᠭᠲᠠ ᠠᠩᠬᠠᠷᠤᠯ ᠲᠠᠯᠪᠢᠬᠤ ᠨᠢ ᠮᠠᠯᠴᠢᠨ ᠬᠦᠮᠦᠨ ᠦ ᠡᠭᠦᠷᠭᠡ᠃