ᠲᠡᠷᠢᠭᠦᠨ ᠨᠢᠭᠤᠷ >  ᠬᠡᠷᠡᠭᠯᠡᠯ >  ᠵᠠᠩᠭᠢᠯᠠᠭ᠎ᠠ
  
ᠰ  (    )
2019-08-03

ᠴᠢᠳᠦᠷ ᠪᠣᠯ ᠮᠠᠯᠴᠢᠨ ᠬᠦᠮᠦᠨ ᠳᠦ ᠬᠠᠮᠤᠭ ᠤᠨ ᠨᠠᠶᠢᠳᠠᠪᠤᠷᠢᠲᠠᠢ ᠪᠥᠭᠡᠳ ᠥᠷᠭᠡᠨ ᠬᠡᠷᠡᠭᠯᠡᠭᠳᠡᠳᠡᠭ ᠵᠦᠢᠯ ᠦᠨ ᠨᠢᠭᠡ᠃《ᠮᠣᠷᠢ ᠦᠭᠡᠢ ᠬᠦᠮᠦᠨ ᠮᠣᠬᠣᠳᠠᠭ》ᠭᠡᠳᠡᠭ ᠪᠣᠯ ᠴᠢᠳᠦᠷ ᠦᠭᠡᠢ ᠬᠦᠮᠦᠨ ᠶᠠᠪᠠᠭᠠᠷᠠᠳᠠᠭ ᠭᠡᠰᠡᠨ ᠦᠭᠡ ᠡ᠃ ᠡᠶᠢᠮᠦ ᠡᠴᠡ ᠴᠢᠳᠦᠷ ᠢ ᠡᠷᠬᠢᠮᠯᠡᠵᠦ ᠲᠡᠭᠦᠨ ᠢ ᠬᠢᠵᠦ ᠰᠤᠷᠬᠤ ᠨᠢ ᠴᠢᠬᠤᠯᠠ᠃ 

ᠮᠣᠩᠭᠣᠯᠴᠤᠳ ᠡᠷᠲᠡ ᠳᠡᠭᠡᠷ᠎ᠡ  ᠡᠬᠢᠯᠡᠨ ᠤᠷᠠᠨ ᠨᠠᠷᠢᠨ ᠬᠢᠴᠡ ᠲᠡᠢ ᠪᠥᠬᠡ ᠴᠢᠳᠦᠷ ᠥᠪᠡᠷᠰᠡᠳ ᠢᠶᠡᠨ ᠵᠠᠩᠭᠢᠳᠤᠨ ᠬᠢᠵᠦ ᠢᠷᠡᠭᠰᠡᠨ ᠲᠡᠦᠬᠡ ᠲᠡᠢ᠃ ᠴᠢᠳᠦᠷ ᠢ ᠦᠬᠡᠷ ᠦᠨ ᠰᠠᠶᠢᠨ ᠰᠢᠷᠢ ᠪᠡᠷ ᠬᠢᠬᠦ ᠪᠠ ᠪᠦᠳᠦᠭᠦᠨ ᠮᠣᠷᠢᠨ ᠤ ᠪᠣᠯᠤᠨ ᠳᠠᠭ᠎ᠠ ᠶᠢᠨ ᠭᠡᠵᠦ ᠠᠩᠭᠢᠯᠠᠬᠤ ᠪᠣᠯᠪᠠᠴᠤ ᠵᠠᠩᠭᠢᠳᠬᠤ ᠠᠷᠭ᠎ᠠ ᠠᠳᠠᠯᠢ ᠪᠠᠶᠢᠨ᠎ᠠ᠃ ᠴᠢᠳᠦᠷ ᠵᠠᠩᠭᠢᠳᠬᠤ ᠶᠢᠨ ᠲᠤᠯᠠ ᠰᠤᠷ ᠢᠶᠠᠨ ᠵᠥᠪ ᠰᠣᠩᠭᠣᠨ ᠣᠯᠵᠤ ᠵᠢᠭᠳᠡ ᠵᠦᠰᠦᠭᠡᠳ ᠰᠠᠶᠢᠨ ᠡᠯᠳᠡᠵᠦ ᠵᠥᠭᠡᠯᠡᠷᠡᠭᠦᠯᠦᠭᠰᠡᠨ ᠪᠠᠶᠢᠬᠤ ᠬᠡᠷᠡᠭᠲᠡᠢ᠃ 

ᠦᠬᠡᠷ᠂ ᠲᠡᠮᠡᠭᠡᠨ ᠦ ᠰᠢᠷᠢᠨ ᠦ ᠠᠯᠢᠨ ᠢᠶᠠᠷ ᠴᠤ ᠴᠢᠳᠦᠷ ᠬᠢᠬᠦ ᠳᠦ ᠲᠣᠬᠢᠷᠠᠮᠵᠢᠲᠠᠢ ᠶᠢᠨ ᠭᠠᠳᠠᠨ᠎ᠠ ᠬᠤᠷ᠎ᠠ ᠪᠣᠷᠣᠭ᠎ᠠ ᠶᠡᠬᠡ ᠲᠡᠢ ᠴᠠᠭ ᠲᠤ ᠬᠢᠯᠭᠠᠰᠤ ᠪᠠᠷ ᠴᠢᠳᠦᠷ ᠬᠢᠬᠦ ᠳᠦ  ᠢᠯᠡᠭᠦᠦ ᠵᠣᠬᠢᠮᠵᠢᠲᠠᠢ ᠪᠠᠶᠢᠳᠠᠭ᠃ 

ᠮᠣᠩᠭᠣᠯᠴᠤᠳ ᠴᠢᠳᠦᠷ ᠢ ᠪᠢᠲᠡᠭᠦᠦ ᠪᠠ ᠬᠡᠰᠡᠭᠯᠡᠭᠰᠡᠨ ᠰᠤᠷ ᠢᠶᠠᠷ ᠭᠡᠵᠦ 2 ᠠᠷᠭ᠎ᠠ ᠪᠠᠷ ᠵᠠᠩᠭᠢᠳᠳᠠᠭ᠃ ᠴᠢᠳᠦᠷ ᠢ ᠰᠤᠷ ᠢᠶᠠᠷ ᠭᠤᠷᠮᠤᠰᠤᠨ ᠬᠣᠶᠢᠮᠣᠰᠣᠨ ᠮᠤᠰᠬᠢᠨ ᠬᠢᠨ᠎ᠡ᠃ 

ᠪᠢᠲᠡᠭᠦᠦ ᠰᠤᠷ ᠢᠶᠠᠷ ᠵᠠᠩᠭᠢᠳᠬᠤ ᠠᠷᠭ᠎ᠠ᠄ ᠪᠢᠲᠡᠭᠦᠦ ᠰᠤᠷ ᠢᠶᠠᠷ ᠵᠠᠩᠭᠢᠳᠤᠭᠰᠠᠨ ᠴᠢᠳᠦᠷ ᠢ ᠵᠠᠳᠠᠯᠤᠨ ᠰᠤᠷ ᠢ ᠨᠢ ᠳᠠᠬᠢᠨ ᠠᠰᠢᠭᠯᠠᠵᠤ ᠪᠣᠯᠳᠠᠭ ᠢᠶᠠᠷ ᠢᠶᠠᠨ ᠡᠨᠡ ᠠᠷᠭ᠎ᠠ ᠤᠨᠴᠠᠯᠢᠭᠳᠠᠬᠤ ᠶᠤᠮ᠃ 

ᠦᠷᠭᠦᠯᠵᠢᠯᠡᠭᠰᠡᠨ ᠪᠢᠲᠡᠭᠦᠦ ᠰᠤᠷ ᠢᠶᠠᠷ ᠭᠤᠷᠮᠤᠰᠤᠨ᠂ ᠬᠣᠶᠢᠮᠣᠰᠣᠨ ᠴᠢᠳᠦᠷ ᠦᠨ ᠠᠯᠢᠨ ᠢ ᠴᠤ ᠬᠢᠵᠦ ᠪᠣᠯᠬᠤ ᠪᠥᠭᠡᠳ 3 ᠠᠯᠳᠠ ᠪᠤᠶᠤ 4 ᠮᠧᠲ᠋ᠷ 80 ᠰᠠᠨ᠋ᠲ᠋ᠢᠮᠧᠲᠷ ᠣᠷᠴᠢᠮ ᠰᠤᠷ ᠨᠢᠭᠡ ᠭᠤᠷᠮᠤᠰᠤᠨ ᠴᠢᠳᠦᠷ ᠪᠣᠯᠤᠨ᠎ᠠ᠃ 2 ᠠᠯᠳᠠ ᠪᠤᠶᠤ 3 ᠮᠧᠲ᠋ᠷ 20 ᠰᠠᠨ᠋ᠲ᠋ᠢᠮᠧᠲᠷ ᠣᠷᠴᠢᠮ ᠰᠤᠷ ᠢᠶᠠᠷ ᠬᠣᠶᠢᠮᠣᠰᠣᠨ ᠴᠢᠳᠦᠷ ᠵᠠᠩᠭᠢᠳᠤᠨ᠎ᠠ᠃ 
ᠴᠢᠳᠦᠷ ᠲᠦ ᠬᠣᠶᠠᠷ ᠬᠠ ᠪᠠᠶᠢᠬᠤ ᠠᠴᠠ ᠵᠥᠪ ᠲᠠᠯ᠎ᠠ ᠶᠢᠨ ᠬᠠ ᠪᠣᠭᠣᠨᠢ (3 ᠰᠠᠨ᠋ᠲ᠋ᠢᠮᠧᠲᠷ ᠪᠤᠷᠤᠭᠤ ᠲᠠᠯ᠎ᠠ ᠶᠢᠨ ᠢᠶᠠᠨ ᠤᠷᠲᠤ (4 ᠰᠠᠨ᠋ᠲ᠋ᠢᠮᠧᠲᠷ) ᠪᠠᠶᠢᠨ᠎ᠠ᠃ 

ᠴᠢᠳᠦᠷ ᠦᠨ  ᠪᠠᠷᠠᠭᠤᠨ᠂ ᠵᠡᠭᠦᠨ ᠠᠯᠠᠭ᠎ᠠ ᠠᠳᠠᠯᠢ ᠬᠡᠮᠵᠢᠶ᠎ᠡ ᠲᠡᠢ ᠃ 

ᠮᠤᠰᠬᠢᠨ ᠲᠣᠮᠣᠭᠰᠠᠨ ᠠᠴᠠ ᠡᠷᠴᠢᠯᠡᠯᠲᠡ ᠪᠡᠷ ᠢᠯᠡᠭᠦᠦ ᠨᠢᠭᠲᠠ ᠤᠴᠢᠷ ᠪᠣᠷᠣᠭᠠᠨ ᠳᠤ ᠪᠠᠭ᠎ᠠ ᠨᠣᠷᠤᠨ᠎ᠠ᠃ 

ᠪᠠᠭ᠎ᠠ ᠨᠠᠰᠤᠨ ᠤ ᠡᠮᠨᠢᠭ ᠮᠣᠷᠢᠨ ᠳᠤ ᠬᠠᠮᠤᠭ ᠤᠨ ᠪᠥᠬᠡ ᠵᠥᠭᠡᠯᠡᠨ ᠰᠤᠷ ᠢᠶᠠᠷ ᠬᠢᠭᠰᠡᠨ᠂ ᠬᠥᠯ ᠳᠦ ᠨᠢ ᠶᠠᠭ ᠲᠣᠬᠢᠷᠠᠭᠰᠠᠨ ᠴᠢᠳᠦᠷ ᠬᠡᠷᠡᠭᠯᠡᠬᠦ ᠦᠭᠡᠢ ᠪᠣᠯ ᠬᠥᠯ ᠢᠶᠡᠨ ᠭᠡᠮᠲᠦᠭᠡᠬᠦ ᠪᠤᠶᠤ ᠴᠢᠳᠦᠷ ᠢᠶᠡᠨ ᠤᠷᠠᠵᠤ ᠲᠠᠰᠤᠳᠠᠵᠤ ᠪᠣᠯᠤᠨ᠎ᠠ᠃ ᠶᠡᠷᠦ ᠨᠢ ᠮᠣᠷᠢᠨ ᠳᠤ ᠲᠣᠬᠢᠷᠠᠭ᠎ᠠ ᠦᠭᠡᠢ ᠴᠢᠳᠦᠷ ᠬᠡᠷᠡᠭᠯᠡᠭᠰᠡᠨ ᠡᠴᠡ ᠪᠣᠯᠵᠤ ᠮᠣᠷᠢᠨ ᠤ ᠬᠥᠯ ᠰᠢᠷᠬᠠᠯᠠᠵᠤ ᠡᠪᠡᠳᠴᠢᠯᠡᠬᠦ ᠪᠤᠶᠤ ᠶᠠᠰᠤ ᠨᠢ ᠭᠡᠮᠲᠦᠵᠦ ᠪᠤᠷᠤᠤ ᠰᠠᠭᠤᠬᠤ ᠶᠢ ᠠᠩᠬᠠᠷᠬᠤ ᠨᠢ ᠵᠦᠢᠲᠡᠢ᠃ 

ᠴᠢᠳᠦᠷ ᠲᠦ ᠲᠣᠭᠲᠠᠬᠤ ᠦᠭᠡᠢ᠂ ᠬᠣᠯᠠ ᠶᠠᠪᠤᠳᠠᠭ ᠮᠣᠷᠢᠨ ᠳᠤ ᠳᠥᠷᠪᠡᠨ ᠠᠯᠠᠭ᠎ᠠ ᠲᠠᠢ ᠪᠤᠷᠤᠭᠤ ᠬᠣᠶᠢᠲᠤ ᠬᠠ ᠨᠢ ᠪᠣᠭᠣᠨᠢ ᠴᠢᠳᠦᠷ ᠲᠣᠬᠢᠷᠠᠨ᠎ᠠ᠃ ᠴᠢᠳᠦᠷ ᠦᠨ ᠤᠷᠢᠳᠦ 2 ᠬᠠ ᠳᠤ  ᠪᠠᠴᠢᠯᠳᠤᠭ᠎ᠠ᠂ ᠬᠣᠶᠢᠳᠤ ᠬᠠ ᠳᠤ ᠪᠣᠷᠪᠢᠯᠳᠤᠭᠠᠨ ᠤ ᠨᠡᠮᠡᠯᠲᠡ ᠭᠣᠭᠴᠣᠭ᠎ᠠ ᠬᠡᠷᠡᠭᠯᠡᠵᠦ ᠪᠣᠯᠤᠨ᠎ᠠ᠃ ᠴᠢᠳᠦᠷ ᠦᠨ ᠬᠠ ᠶᠢ ᠵᠢᠭᠳᠡ ᠪᠢᠰᠢ ᠪᠣᠯᠭᠠᠬᠤ ᠳᠤ ᠶᠠᠮᠠᠷ ᠴᠤ ᠮᠣᠷᠢ ᠭᠡᠰᠡᠨ ᠬᠣᠯᠠ ᠶᠠᠪᠤᠵᠤ ᠴᠢᠳᠠᠬᠤ ᠦᠭᠡᠢ᠃ 

ᠪᠣᠷᠣᠭ᠎ᠠ ᠲᠠᠢ ᠦᠶ᠎ᠡ ᠳᠦ ᠴᠢᠳᠦᠷ ᠢᠶᠡᠨ ᠥᠭᠡᠬᠦᠨ ᠲᠣᠰᠣ ᠪᠠᠷ ᠲᠣᠰᠣᠯᠠᠵᠤ ᠬᠠᠮᠠᠭᠠᠯᠠᠪᠠᠯ ᠵᠣᠬᠢᠨ᠎ᠠ᠃