   
ᠰ  (    )
2019-07-29

ᠠᠶᠢᠷᠠᠭ ᠢᠰᠬᠡᠬᠦ ᠬᠥᠷᠥᠩᠭᠡ ᠪᠡᠯᠡᠳᠬᠡᠳᠡᠭ ᠮᠠᠯᠴᠢᠳ ᠤᠨ ᠥᠪᠡᠷᠮᠢᠴᠡ ᠠᠷᠭ᠎ᠠ ᠣᠯᠠᠨ ᠶᠠᠩᠵᠤ ᠪᠠᠶᠢᠳᠠᠭ᠃ ᠡᠷᠳᠡᠮ ᠰᠢᠨᠵᠢᠯᠡᠭᠡᠨ ᠦ ᠠᠵᠢᠯᠲᠠᠨ ᠤ ᠪᠣᠯᠪᠠᠰᠤᠷᠠᠭᠤᠯᠤᠭᠰᠠᠨ ᠰᠲ᠋ᠠᠨᠳᠠᠷᠲ ᠢᠶᠠᠷ ᠴᠡᠪᠡᠷ ᠥᠰᠬᠡᠪᠦᠷᠢ ᠪᠡᠷ᠂ ᠪᠡᠯᠡᠨ ᠬᠥᠷᠥᠩᠭᠡ ᠪᠡᠷ ᠢᠰᠬᠡᠬᠦ ᠭᠡᠵᠦ ᠠᠩᠭᠢᠯᠠᠳᠠᠭ ᠠᠶᠢᠷᠠᠭᠡᠨ ᠦ ᠴᠡᠪᠡᠷ ᠥᠰᠪᠦᠷᠢ ᠪᠡᠯᠡᠳᠬᠡᠬᠦ ᠳᠦ ᠪᠡᠨ ᠲᠣᠰᠣ ᠨᠢ ᠢᠯᠭᠠᠷᠠᠭᠰᠠᠨ 2.5  ᠦᠬᠡᠷ ᠦᠨ  ᠴᠠᠶᠢᠷ ᠲᠠᠢ  ᠳᠤ ᠬᠢᠵᠦ ᠬᠠᠯᠠᠭᠤᠨ ᠤᠰᠤᠨ ᠳᠤ 30 ᠮᠢᠨᠦ᠋ᠲ ᠲᠠᠯᠪᠢᠵᠤ ᠠᠷᠢᠭᠤᠳᠬᠠᠨ᠎ᠠ᠃ ᠠᠷᠢᠭᠤᠳᠬᠠᠯ ᠳᠤ ᠬᠥᠷᠥᠭᠡᠵᠦ᠂ ᠬᠠᠭᠤᠷᠠᠢ ᠥᠰᠪᠦᠷᠢ ᠲᠡᠢ ᠬᠤᠯᠢᠬᠤ ᠵᠠᠮ ᠢᠶᠠᠷ ᠬᠥᠷᠥᠩᠭᠡ ᠶᠢ ᠪᠡᠯᠡᠳᠬᠡᠵᠦ ᠠᠪᠳᠠᠭ ᠪᠠᠶᠢᠨ᠎ᠠ᠃
   ᠬᠥᠷᠦᠩᠭᠡᠨ ᠳᠦ ᠢᠰᠬᠡᠬᠦ ᠰᠠᠭᠠᠮ᠎ᠠ ᠶᠢᠨ ᠬᠡᠮᠵᠢᠶ᠎ᠡ 1᠄1.5 ᠪᠤᠶᠤ 1᠄1 ᠶᠢᠨ ᠬᠠᠷᠢᠴᠠᠭ᠎ᠠ ᠲᠠᠢ ᠪᠠᠶᠢᠬᠤ ᠨᠢ ᠵᠦᠢᠲᠡᠢ᠃ ᠬᠥᠷᠥᠩᠭᠡ ᠰᠠᠭᠠᠮ᠎ᠠ ᠶᠢ  3500-4500 ᠪᠦᠯᠢᠬᠦ ᠬᠡᠷᠡᠭᠲᠡᠢ᠃ ᠬᠠᠮᠤᠭ ᠤᠨ ᠲᠣᠬᠢᠷᠠᠮᠵᠢᠲᠠᠢ ᠰᠠᠪᠠ ᠰᠢᠷᠢᠨ ᠬᠥᠬᠥᠷ ᠪᠠᠶᠢᠳᠠᠭ᠃ ᠡᠬᠡ ᠬᠥᠷᠥᠩᠭᠡ ᠪᠡᠯᠡᠳᠬᠡᠵᠦ ᠪᠠᠶᠢᠭ᠎ᠠ ᠬᠥᠬᠥᠥᠷ ᠦᠨ ᠠᠮᠠ ᠶᠢ ᠰᠠᠶᠢᠨ ᠪᠦᠭᠯᠡᠵᠦ ᠬᠠᠯᠠᠭᠤᠨ ᠬᠦᠢᠲᠡᠨ ᠢ ᠰᠠᠶᠢᠨ ᠲᠤᠬᠢᠷᠠᠭᠤᠯᠬᠤ ᠨᠢ ᠴᠢᠬᠤᠯᠠ ᠪᠠᠶᠢᠳᠠᠭ᠃
   ᠮᠠᠯᠴᠢᠳ ᠤᠨ ᠰᠢᠷ᠎ᠠ ᠪᠤᠳᠠᠭ᠎ᠠ᠂ ᠬᠥᠬᠥᠥᠷ᠂ ᠪᠦᠯᠢᠭᠦᠷ ᠢᠰᠡᠭᠡᠢ ᠳᠦ ᠰᠢᠩᠭᠡᠭᠡᠵᠦ ᠠᠪᠤᠭᠰᠠᠨ ᠨᠠᠮᠤᠷ ᠤᠨ ᠠᠶᠢᠷᠠᠭ ᠴᠤ ᠰᠠᠶᠢᠨ ᠬᠥᠷᠥᠩᠭᠡ ᠪᠣᠯᠳᠠᠭ᠃ ᠵᠤᠨ ᠤ᠂ ᠬᠠᠯᠠᠭᠤᠨ ᠡᠳᠦᠷ ᠰᠡᠩᠭᠢᠨᠡᠭᠰᠡᠨ ᠠᠶᠢᠷᠠᠭ ᠤᠤᠭᠤᠬᠤ ᠰᠠᠶᠢᠬᠠᠨ ᠰᠢᠦ᠃ ᠠᠶᠢᠷᠠᠭ ᠬᠦᠮᠦᠨ ᠪᠦᠷᠢ ᠶᠢᠨ ᠳᠤᠷᠠᠲᠠᠢ ᠤᠮᠳᠠᠭ᠎ᠠ ᠶᠤᠮ᠃

ᠠᠶᠢᠷᠠᠭ ᠰᠠᠬᠠᠷ ᠶᠡᠬᠡ ᠲᠡᠢ ᠪᠠᠶᠢᠳᠠᠭ᠂ ᠠᠶᠢᠷᠠᠭ ᠤᠨ ᠳᠣᠲᠣᠷᠠᠬᠢ ᠰᠠᠬᠠᠷ ᠬᠦᠴᠢᠯ ᠲᠥᠷᠦᠭᠴᠢ ᠭᠦᠢ ᠤᠷᠴᠢᠨ ᠳᠤ ᠢᠰᠦᠯᠳᠦᠵᠦ ᠰᠫᠢᠷᠲ ᠡᠭᠦᠰᠬᠡᠳᠡᠭ ᠤᠴᠢᠷ ᠰᠤᠭᠲᠤᠭᠠᠬᠤ ᠴᠢᠨᠠᠷ ᠲᠠᠢ ᠪᠠᠶᠢᠳᠠᠭ᠃ ᠡᠶᠢᠮᠦ ᠡᠴᠡ ᠠᠶᠢᠷᠠᠭ ᠢ ᠬᠡᠮᠵᠢᠶᠡᠨ ᠡᠴᠡ ᠬᠡᠲᠦᠷᠡᠭᠦᠯᠦᠨ ᠤᠤᠭᠤᠵᠤ ᠪᠣᠯᠬᠤ ᠦᠭᠡᠢ᠃

ᠠᠶᠢᠷᠠᠭ ᠢᠶᠠᠷ ᠨᠢᠭᠡᠨ ᠢ ᠪᠡᠨ ᠬᠡᠲᠦᠷᠡᠭᠦᠯᠦᠨ ᠰᠢᠬᠠᠵᠤ《ᠪᠦᠳᠦᠭᠦᠨ ᠴᠠᠭᠠᠨ ᠦᠵᠡᠬᠦ ᠪᠡᠷ》ᠴᠢᠬᠢᠳᠡᠬᠦ ᠵᠡᠷᠭᠡ ᠪᠦᠳᠦᠭᠦᠯᠢᠭ ᠠᠷᠭ᠎ᠠ ᠬᠡᠷᠡᠭᠯᠡᠵᠦ᠂ ᠬᠡᠮᠵᠢᠶ᠎ᠡ ᠬᠡᠲᠦᠷᠡᠭᠦᠯᠵᠦ ᠤᠤᠭᠤᠭᠰᠠᠨ ᠠᠶᠢᠷᠠᠭ ᠰᠢᠮ᠎ᠡ ᠲᠡᠵᠢᠭᠡᠯ ᠪᠣᠯᠵᠤ ᠴᠢᠳᠠᠬᠤ ᠦᠭᠡᠢ᠃

ᠵᠥᠪᠯᠡᠯᠲᠦ ᠠᠶᠢᠷᠠᠭ ᠢ ᠡᠮᠴᠢᠯᠡᠭᠡᠨ ᠦ ᠴᠢᠨᠠᠷ ᠢᠶᠠᠷ ᠥᠷᠭᠡᠨ ᠬᠡᠷᠡᠭᠯᠡᠵᠦ ᠪᠠᠶᠢᠭ᠎ᠠ ᠪᠠ ᠣᠳᠣ ᠵᠥᠪᠯᠡᠯᠲᠦ ᠺᠠᠽᠠᠭᠰᠲ᠋ᠠᠨ ᠤ ᠲᠠᠯ᠎ᠠ ᠨᠤᠲᠤᠭ ᠲᠤ 900 ᠭᠠᠷᠤᠢ ᠬᠠᠮᠲᠤᠷᠠᠯ᠂ ᠰᠠᠩ ᠤᠨ ᠠᠵᠤ ᠠᠬᠤᠢ ᠪᠤᠢ᠃ ᠳᠣᠯᠣᠭᠠᠨ ᠰᠠᠶ᠎ᠠ ᠠᠳᠤᠭᠤ ᠲᠠᠢ ᠡᠨᠡ ᠨᠤᠲᠤᠭ ᠲᠤ ᠭᠡᠭᠦᠦ ᠪᠠᠷᠢᠳᠠᠭ ᠦᠭᠡᠢ ᠭᠠᠵᠠᠷ ᠪᠠᠷᠤᠭ ᠦᠭᠡᠢ ᠶᠤᠮ᠃ ᠺᠠᠽᠠᠭᠰᠲ᠋ᠠᠨ ᠤ ᠢᠨᠵᠧᠨᠧᠷ ᠦᠳ ᠴᠠᠬᠢᠯᠭᠠᠨ ᠢᠶᠠᠷ ᠭᠡᠭᠦᠦ  ᠮᠧᠬᠠᠨᠢᠭᠵᠢᠭᠰᠠᠨ ᠹᠧᠷᠮ ᠦᠨ ᠲᠥᠰᠥᠯ ᠬᠢᠵᠦ ᠪᠠᠶᠢᠨ᠎ᠠ᠃ ᠡᠨᠡ ᠹᠧᠷᠮ ᠦᠳ ᠦᠨ ᠵᠢᠵᠢᠭ ᠹᠧᠷᠮ 60 ᠂ ᠲᠣᠮᠣᠬᠠᠨ ᠹᠧᠷᠮ ᠦᠳ 1000 ᠬᠦᠷᠲᠡᠯ᠎ᠡ ᠭᠡᠭᠦᠦ ᠲᠡᠢ ᠪᠠᠶᠢᠳᠠᠭ᠃

 ᠺᠠᠽᠠᠭᠴᠤᠳ ᠰᠢᠨᠡᠬᠡᠨ ᠴᠠᠭᠠᠨ ᠠᠶᠢᠷᠠᠭ ᠢᠶᠠᠷ ᠢᠶᠠᠨ ᠵᠣᠴᠢᠨ ᠢᠶᠠᠨ ᠳᠠᠶᠢᠯᠠᠬᠤ ᠳᠤᠷᠠᠲᠠᠢ ᠪᠠᠶᠢᠳᠠᠭ᠃ ᠠᠵᠢᠯᠰᠠᠭ ᠬᠠᠰᠠᠭ ᠪᠦᠰᠡᠭᠦᠶᠢᠴᠦᠳ ᠵᠠᠯᠠᠭᠤ ᠲᠡᠮᠡᠭᠡᠨ ᠦ ᠬᠥᠵᠦᠭᠦᠦ ᠠᠷᠠᠰᠤ ᠪᠠᠷ《 ᠬᠤᠪᠢᠩ》ᠬᠢᠵᠦ ᠭᠡᠭᠦᠦ ᠪᠡᠨ ᠰᠠᠭᠠᠳᠠᠭ᠂ ᠡᠶᠢᠮᠦ ᠬᠤᠪᠢᠩ ᠳᠣᠭᠰᠢᠨ ᠡᠮᠨᠢᠭ ᠭᠡᠭᠦᠦ ᠶᠢ ᠰᠠᠭᠠᠬᠤ ᠳᠤ ᠴᠢᠮᠡᠭᠡ ᠭᠠᠷᠳᠠᠭ ᠦᠭᠡᠢ ᠰᠠᠶᠢᠨ ᠰᠠᠪᠠ ᠭᠡᠵᠦ ᠮᠠᠭᠲᠠᠵᠤ ᠶᠠᠷᠢᠬᠤ ᠳᠤ ᠪᠠᠨ ᠳᠤᠷᠠᠲᠠᠢ ᠪᠠᠶᠢᠳᠠᠭ᠃